☆ ᠵᠢ᠊·ᠠᠩᠭᠢᠷ
ᠡᠪᠠᠰᠤ ᠪᠠ ᠡᠯᠡᠰᠤ
ᠨᠤᠶᠠᠨ ᠳᠡᠭ᠍ᠷᠢ ᠶᠢᠨ ᠰᠠᠭᠤᠳᠠᠯ ᠢ ᠡᠷᠭᠦᠵᠤ
ᠨᠤᠭᠤᠭᠠᠨ ᠡᠪᠠᠰᠤ ᠳᠤᠤᠷ᠎ᠠ ᠡᠴᠡ ᠴᠤᠷᠭᠢᠯᠠᠨᠠ
ᠨᠤᠮᠢᠨ ᠳᠠᠯ᠎ᠠ ᠶᠢᠨ ᠳᠡᠪᠢᠰᠭᠡᠷ ᠢ ᠳᠠᠷᠤᠵᠤ
ᠨᠤᠯᠴᠢᠭᠠᠷ ᠡᠯᠡᠰᠤ ᠳᠡᠭᠡᠷ᠎ᠡ ᠡᠴᠡ ᠴᠤᠯᠭᠢᠯᠠᠨᠠ
ᠡᠪᠠᠰᠤ ᠪᠠᠷ ᠰᠢᠷᠢᠭ᠍ᠰᠡᠨ ᠳᠠᠯ᠎ᠠ ᠶᠢᠨ ᠳᠡᠭᠡᠭᠦᠷ
ᠡᠭᠦᠯᠡ ᠪᠠᠷ ᠪᠦᠷᠢᠭ᠍ᠰᠡᠨ ᠳᠡᠭ᠍ᠷᠢ ᠶᠢᠨ ᠳᠤᠤᠭᠤᠷ
ᠡᠩᠭᠡᠷ ᠵᠠᠳᠠᠭᠠᠢ ᠡᠷᠭᠢᠭᠦᠤ ᠡᠯᠡᠰᠤ ᠴᠢ
ᠡᠷᠳᠡᠨᠢ ᠪᠢᠰᠢ ᠡᠪᠠᠰᠤᠨ ᠳᠤ ᠳᠠᠷᠤᠭᠳᠠᠨ᠎ᠠ ᠳ᠋ᠠ
ᠵᠤᠬᠢᠶᠠᠭᠴᠢ᠄ ᠵᠢ᠊·ᠠᠩᠭᠢᠷ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄
ᠰᠢᠯᠦᠭᠳᠠᠷᠤᠮ᠄ 3587
ᠴᠠᠭ᠄ 2007 ᠤᠨ ᠤ 05 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ