ᠨᠡᠪᠲᠡᠷᠡᠨ ᠤᠷᠤᠬᠤ
ᠠᠯᠠᠭ ᠨᠠᠭᠤᠷ

ᠠᠯᠠᠭ ᠨᠠᠭᠤᠷ

ᠰᠠᠯᠭᠢᠨ ᠳ᠋ᠤ

ᠠᠶᠠᠯᠵᠤ ᠳᠠᠭᠤᠯᠠᠨ᠎ᠠ

ᠰᠠᠷᠢᠳᠠᠭ ᠲᠤ

ᠠᠷᠯᠠᠵᠤ ᠴᠠᠯᠭᠢᠨ᠎ᠠ

ᠰᠠᠨᠠᠭᠠᠨ ᠳ᠋ᠤ

ᠠᠷᠭᠠᠵᠤ ᠠᠮᠢᠰᠬᠤᠨ᠎ᠠ ᠁

ᠦᠨᠳᠦᠷ ᠭᠦᠭᠡ ᠠᠭᠤᠯᠠ * ᠵᠢᠨ

ᠰᠤᠪᠣᠤᠨ ᠤᠨ ᠴᠠᠭᠠᠨ ᠡᠮᠵᠢᠶᠡᠷᠢ

ᠦᠷᠯᠦᠭ᠌ ᠮᠤᠩᠭ᠋ᠤᠯ ᠳᠤᠯᠤᠭᠠᠢ * ᠵᠢᠨ

ᠪᠣᠯᠤᠷ ᠤᠨ ᠴᠡᠩᠭᠡᠷ ᠨᠢᠳᠤ

ᠨᠤᠳᠤᠭ ᠤᠨ ᠳᠡᠭ᠍ᠷᠢ

ᠨᠤᠷᠠᠵᠤ ᠬᠠᠷᠠᠳᠠᠭ ᠳᠤᠯᠢ

ᠨᠠᠭᠤᠷ ᠤᠨ ᠠᠮᠢᠳᠠᠤᠨ

ᠨᠢᠭᠤᠵᠤ ᠠᠮᠢᠳᠤᠷᠠᠳᠠᠭ ᠪᠠᠭᠤᠷᠢ

ᠳᠡᠩᠳᠡᠭᠦᠤ ᠳᠦᠭᠦᠷᠡᠩ ᠠᠶᠠᠭᠠᠨ ᠡᠴᠠ

ᠳᠠᠪᠠᠷᠠᠵᠤ ᠴᠠᠯᠭᠢᠵᠤ ᠠᠰᠬᠠᠷᠠᠭ᠎ᠠ ᠰᠢᠭ

ᠳᠠᠯᠮᠠᠨ ᠵᠢᠷᠤᠭ᠎ᠠ ᠭᠦᠶ‍ᠦᠳᠡᠯ ᠵᠢᠠᠷ

ᠳᠠᠯᠪᠠᠯᠵᠠᠨ ᠳᠠᠰᠢᠵᠤ ᠳᠠᠪᠭᠢᠭ᠎ᠠ ᠴᠤ ᠰᠢᠭ

ᠣᠷᠠᠨ ᠶᠤᠩᠬᠤᠷ ᠭᠦᠭᠡᠰᠤ ᠨᠢ

ᠴᠠᠬᠠᠷᠠᠵᠤ ᠢᠷᠠᠨ᠎ᠡ

ᠣᠰᠤᠨ ᠤ ᠴᠠᠭᠠᠨ ᠰᠢᠪᠠᠭᠤᠳ ᠨᠢ

ᠰᠠᠴᠤᠷᠠᠵᠤ ᠨᠢᠰᠤᠨ᠎ᠠ

ᠨᠠᠭᠤᠷ ᠤᠨ ᠣᠯᠠᠭᠠᠨ ᠬᠤᠭᠤᠯᠠᠢ ᠨᠢ

ᠨᠢᠭᠤᠴᠠᠬᠠᠨ ᠳᠤᠭᠳᠤᠯᠵᠤ ᠭᠦᠶᠤᠨ᠎ᠡ

ᠨᠤᠳᠤᠭ ᠤᠨ ᠳᠤᠰᠤᠳᠠᠢ ᠠᠮᠠᠷᠠᠭ * ᠳᠠᠭᠠᠨ

ᠬᠠᠳᠠᠭ ᠰᠢᠭ ᠮᠠᠯᠮᠠᠷᠠᠵᠤ ᠵᠤᠯᠭᠠᠨ᠎ᠠ

ᠠᠭᠠᠷ ᠤᠨ ᠰᠡᠢ᠌ᠷᠡᠭ᠌ ᠳᠡᠭ᠍ᠷᠢ ᠡᠴᠠ

ᠣᠳᠤᠳ ᠨᠢ ᠭᠡᠢ᠌ᠰᠴᠤ ᠶᠡᠭᠦᠷᠡᠨ᠎ᠡ

ᠠᠢ᠌ᠯᠴᠢᠨ ᠣᠯᠠᠭᠠᠨ ᠣᠷᠤᠰᠬᠠᠯ ᠳᠤᠨᠢ

ᠳᠡᠩᠴᠢᠳ * ᠨᠢ ᠳᠤᠩᠭ᠋ᠤᠷᠴᠤ ᠣᠷᠤᠰᠤᠨ᠎ᠠ

ᠰᠠᠷᠢᠳᠠᠭ  ᠺᠦᠠᠯᠤᠨ ᠤ ᠴᠢᠭᠢᠨ ᠡᠴᠠ

ᠰᠠᠵᠢᠯᠠᠨ ᠭᠠᠩᠬᠤᠬᠤ ᠡᠭᠡᠮᠦᠭ᠌ ᠶᠤᠮ ᠤᠤ

ᠰᠠᠷᠠᠨ ᠳᠠᠭᠢᠨᠢ ᠶᠢᠨ ᠮᠠᠯᠮᠠᠢ ᠡᠴᠠ

ᠰᠠᠨᠠᠨ ᠠᠰᠬᠠᠷᠠᠭᠰᠠᠨ ᠨᠢᠯᠪᠣᠰᠤ ᠴᠤ ᠶᠤᠮ ᠤᠤ

ᠡᠷᠢᠶᠡᠨ ᠪᠠᠷᠠᠭᠠᠨ ᠠᠮᠢᠳᠤᠷᠠᠯ ᠤᠨ

ᠨᠠᠷ᠎ᠠ ᠲᠡᠶ ᠠᠳᠠᠯᠢᠬᠠᠨ ᠠᠯᠠᠭ ᠨᠠᠭᠤᠷ

ᠡᠯᠢᠭᠡᠨ ᠵᠢᠷᠦᠭᠡᠳᠤ ᠠᠮᠢᠳᠠᠤᠨ ᠤᠨ

ᠳᠡᠵᠢᠭᠡᠯ ᠤᠨ ᠰᠢᠮᠠᠳᠠᠢ ᠡᠵᠢ ᠨᠠᠭᠤᠷ

ᠠᠯᠠᠭ ᠨᠠᠭᠤᠷ ᠭᠡᠵᠤ

ᠠᠷᠠᠤᠨ ᠤᠨ ᠭᠦᠨ ᠳᠤᠮᠤᠭ ᠶᠤᠮ

ᠠᠯᠳᠠᠨ ᠳᠡᠯᠡᠭᠡᠢ ᠳᠤ ᠬᠤᠪᠣᠷᠬᠠᠨ

ᠠᠭᠳᠠ ᠶᠢᠨ ᠰᠢᠪᠳᠠᠭ ᠲᠡᠶ ᠨᠠᠭᠤᠷ ᠶᠤᠮ︕


ᠳᠠᠢ᠌ᠯᠪᠣᠷᠢ᠄

ᠦᠨᠳᠦᠷ ᠭᠦᠭᠡ ᠊᠊᠊᠊᠊᠊᠊᠊᠊᠊᠊᠊᠊᠊᠊ ᠠᠯᠠᠭ ᠨᠠᠭᠤᠷ ᠦᠨᠳᠦᠷ ᠭᠦᠭᠡ ᠶᠢᠨ ᠬᠤᠷᠮᠤᠢ ᠳᠤ ᠪᠣᠢ

ᠮᠤᠩᠭ᠋ᠤᠯ ᠳᠤᠯᠤᠭᠠᠢ ᠊᠊᠊᠊᠊᠊᠊᠊᠊᠊᠊᠊᠊᠊᠊ ᠠᠯᠠᠭ ᠨᠠᠭᠤᠷ ᠤᠨ ᠳᠡᠭᠡᠳᠤ ᠳᠠᠯ᠎ᠠ ᠳᠤ ᠪᠠᠢ᠌ᠭ᠎ᠠ ᠠᠭᠤᠯᠠ ᠶᠢᠨ ᠨᠠᠷ᠎ᠠ

ᠳᠤᠰᠤᠳᠠᠢ ᠠᠮᠠᠷᠠᠭ ᠊᠊᠊᠊᠊᠊᠊᠊᠊᠊᠊᠊᠊᠊᠊ ᠳᠤᠰᠤᠨ ᠨᠠᠭᠤᠷ ᠢ ᠵᠢᠭᠠᠵᠤ ᠪᠣᠢ

ᠳᠠᠩᠴᠢᠳ ᠊᠊᠊᠊᠊᠊᠊᠊᠊᠊᠊᠊᠊᠊᠊ ᠨᠤᠳᠤᠭ ᠤᠨ ᠭᠡᠯᠡ ᠡᠭ᠍ᠴᠡ ᠬᠠᠳᠠ ᠲᠡᠶ ᠦᠨᠳᠦᠷ ᠠᠭᠤᠯᠠ


ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2644
ᠴᠠᠭ᠄ 2011 ᠤᠨ ᠤ 03 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ