☆ ᠪᠣᠷᠵᠢᠭᠢᠨ ᠬᠠᠰ
ᠠᠶᠤᠮᠠᠷ ᠴᠢᠨ᠋ᠸ᠎ᠠ ᠪᠠ ᠵᠢᠭ᠍ᠰᠢᠮᠡᠷ ᠭᠡᠷ ᠤᠨ ᠨᠤᠬᠠᠢ
ᠲᠦᠷᠦ ᠶᠢᠨ ᠪᠣᠳᠤᠯᠭ᠎ᠠ ᠶᠢ ᠳᠦᠭᠦᠭᠡᠷᠡᠭᠦ ᠦᠭᠡᠶ ᠪᠠᠷ
ᠳᠠᠮᠤᠷ ᠰᠠᠷᠠᠯᠵᠢᠨ ᠳᠤ ᠬᠤᠷᠢᠭᠳᠠᠭᠰᠠᠨ ᠢᠮᠠᠭ᠎ᠠ᠂
ᠳᠡᠨᠡᠭ᠌ ᠢᠮᠠᠭᠠᠴᠢᠨ ᠤ ᠠᠯᠵᠠᠭᠤᠷᠠᠯ ᠭᠡᠵᠤ ᠡ᠊ᠨᠳᠡᠭᠦᠷᠡᠵᠤ
ᠳᠡᠰᠭᠡᠯ ᠦᠭᠡᠶ ᠬᠠᠷᠢᠶᠠᠵᠤ ᠮᠠᠢ᠌ᠯᠠᠨᠠ᠃
ᠬᠠᠷᠠᠩᠭ᠋ᠤᠢ ᠰᠦᠨᠢ ᠪᠠᠷ ᠢᠳᠡᠰᠢᠯᠡᠭᠦ ᠪᠣᠯᠤᠭᠰᠠᠨ ᠳ᠋ᠠᠭᠠᠨ
ᠬᠠᠭᠤᠴᠢᠨ ᠶᠠᠩᠪᠠ ᠪᠠᠨ ᠨᠢᠭᠡᠮᠦᠰᠤᠨ ᠬᠠᠶᠠᠵᠤ
ᠬᠤᠵᠢᠭᠠᠷ ᠬᠤᠸᠠᠷ ᠬᠤᠨᠢᠨ ᠵᠠᠩᠭ᠋ᠤ ᠶᠢ ᠴᠤ
ᠬᠤᠳᠤᠭᠤᠳᠤ ᠪᠠᠨ ᠭᠦᠭᠡᠭᠡᠳᠡᠯᠡ ᠳᠠᠷᠤᠨ ᠡᠮᠭᠦᠯᠡᠨᠡ᠃
ᠵᠠᠷᠢᠮ ᠡᠳᠦᠷ ᠲᠡᠭᠡᠨ ᠰᠤᠯᠠ ᠭᠡᠪᠳᠡᠭᠦ ᠦᠶᠡᠰ
ᠵᠡᠭᠡᠷ᠎ᠡ ᠶᠢᠨ ᠰᠥᠷᠦᠭ᠌ ᠲᠡᠶ ᠠᠳᠠᠭᠠᠷᠬᠠᠨ ᠪᠣᠳᠤᠵᠤ᠂
ᠵᠡᠷᠯᠢᠭ᠌ ᠴᠢᠨ᠋ᠸ᠎ᠠ ᠡᠴᠡ ᠠᠶᠤᠬᠤ ᠴᠤ ᠪᠣᠯ ᠠᠷᠭ᠎ᠠ ᠦᠭᠡᠶ᠂
ᠵᠡᠷᠭᠡᠪᠠᠷ ᠣᠶᠠᠭ᠎ᠠ ᠲᠡᠶ ᠭᠡᠷ ᠤᠨ ᠨᠤᠬᠠᠢ ᠡᠴᠡ
ᠵᠠᠮᠬᠠᠷᠳᠠᠯᠠ ᠰᠥᠷᠳᠡᠭᠦ ᠪᠣᠯ ᠳᠠᠭᠠᠷᠠᠬᠤ ᠦᠭᠡᠶ ᠭᠡᠵᠤ᠂
ᠵᠠᠶᠠᠭ᠎ᠠ ᠳᠠᠪᠢᠯᠠᠩ ᠲᠠᠭᠠᠨ ᠬᠠᠷᠠᠮᠰᠠᠨ ᠨᠢᠯᠪᠣᠰᠤᠷᠠᠨᠠ ᠁
ᠵᠤᠬᠢᠶᠠᠭᠴᠢ᠄ ᠪᠣᠷᠵᠢᠭᠢᠨ ᠬᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ