ᠨᠡᠪᠲᠡᠷᠡᠨ ᠤᠷᠤᠬᠤ
ᠬᠤᠭᠤᠷ ᠤᠨ ᠥᠯᠢᠭᠡᠷ ᠤᠨ ᠡᠭᠦᠰᠦᠯ ᠵᠢᠴᠢ ᠠᠯᠳᠠᠷᠳᠤ ᠬᠤᠭᠤᠷᠴᠢᠳ

ᠮᠤᠩᠭ᠋ᠤᠯ ᠬᠤᠭᠤᠷ ᠤᠨ ᠥᠯᠢᠭᠡᠷ ᠪᠣᠯ ᠳᠦᠷᠪᠡᠨ ᠣᠳᠠᠰᠤᠳᠤ ᠬᠤᠭᠤᠷ ᠪᠣᠯᠤᠨ ᠮᠤᠷᠢᠨ ᠬᠤᠭᠤᠷ ᠶᠢᠠᠷ ᠭᠦᠭ᠍ᠵᠢᠮ ᠬᠠᠪᠰᠤᠷᠭᠠᠨ ᠥᠯᠢᠭᠡᠷ ᠬᠤᠯᠪᠣᠭ᠎ᠠ ᠭᠡᠯᠡᠭᠦ ᠣᠷᠠᠯᠢᠭ ᠤᠨ ᠭᠡᠯᠪᠠᠷᠢ ᠪᠣᠯᠤᠨ᠎ᠠ᠃ ᠳᠦᠷᠪᠡᠨ ᠣᠳᠠᠰᠤᠳᠤ ᠬᠤᠭᠤᠷ ᠪᠠᠷ ᠬᠠᠪᠰᠤᠷᠭᠠᠨ ᠥᠯᠢᠭᠡᠷ ᠭᠡᠯᠡᠭᠦ ᠣᠷᠠᠯᠢᠭᠴᠢᠨ ᠢ ᠬᠤᠭᠤᠷᠴᠢ ᠭᠡᠳᠡᠭ᠌᠃ ᠮᠤᠷᠢᠨ ᠬᠤᠭᠤᠷ ᠶᠢᠡᠷ ᠬᠠᠪᠰᠤᠷᠭᠠᠨ ᠥᠯᠢᠭᠡᠷ ᠭᠡᠯᠡᠳᠡᠭ᠌ ᠣᠷᠠᠯᠢᠭᠴᠢᠨ ᠢ ᠴᠤᠭᠤᠷᠴᠢ ᠭᠡᠨ᠎ᠡ᠃ ᠭᠡᠯᠡᠭ᠍ᠳᠡᠭᠦ ᠥᠯᠢᠭᠡᠷ ᠢ ᠨᠢ ᠳᠤᠰ ᠳᠤᠰ ᠬᠤᠭᠤᠷ ᠤᠨ ᠥᠯᠢᠭᠡᠷ ᠪᠠ ᠴᠤᠭᠤᠷ ᠤᠨ ᠥᠯᠢᠭᠡᠷ ᠭᠡᠨ᠎ᠡ᠃ ᠵᠠᠷᠤᠳ ᠬᠤᠰᠢᠭᠤ ᠪᠣᠯ ᠬᠤᠭᠤᠷᠴᠢ ᠶᠢᠨ ᠥᠯᠦᠭᠡᠢ ᠪᠣᠯᠬᠤ ᠶᠤᠮ᠃ ᠡ᠊ᠨᠳᠡ ᠮᠤᠩᠭ᠋ᠤᠯᠴᠤᠳ ᠲᠦᠪᠯᠡᠷᠠᠨ ᠰᠠᠭᠤᠷᠢᠰᠢᠭᠰᠠᠨ ᠪᠦᠭᠡᠤᠨ ᠳᠡᠦᠭᠡ ᠶᠢᠨ ᠠᠬᠤᠢ ᠪᠣᠯᠤᠨ ᠵᠠᠩ ᠵᠠᠩᠰᠢᠯ ᠡᠴᠡ ᠪᠣᠯᠵᠤ᠂ ᠡ᠊ᠨᠳᠡ ᠡᠴᠡ ᠣᠯᠠᠨ ᠬᠤᠭᠤᠷᠴᠢ ᠴᠤᠯᠭᠤᠷᠠᠨ ᠭᠠᠷᠤᠭᠰᠠᠨ ᠪᠠᠢ᠌ᠨ᠎ᠠ᠃

ᠬᠤᠭᠤᠷ ᠤᠨ ᠥᠯᠢᠭᠡᠷ ᠤᠨ ᠪᠦᠷᠢᠯᠳᠦᠭ᠍ᠰᠡᠨ ᠣᠨ ᠵᠢᠯ ᠨᠠᠯᠢᠶᠠᠤᠨ ᠡᠷᠳᠡ ᠶᠤᠮ᠃ ᠡᠭᠦᠳᠦᠭ᠍ᠴᠢ ᠪᠣᠯ ᠠᠯᠳᠠᠷᠳᠤ ᠬᠤᠭᠤᠷᠴᠢ ᠳ᠋ᠠᠠᠽᠠᠠᠨᠢᠮ᠎ᠠ (1836᠊᠊᠊᠊᠊᠊᠊᠊᠊᠊᠊᠊᠊᠊᠊1889) ᠪᠣᠯᠤᠨ᠎ᠠ᠃ ᠳᠠᠷᠠ ᠬᠠᠷᠠᠬᠠᠨ ᠪᠠᠭ᠎ᠠ ᠳᠠᠭᠠᠨ ᠮᠤᠩᠭ᠋ᠤᠯᠵᠢᠨ (ᠯᠢᠶᠤᠤᠨᠢᠩ ᠤᠨ ᠹᠦᠰᠢᠨ ᠰᠢᠶᠠᠨ) ᠊ᠤ ᠭᠡᠭᠡᠨ ᠰᠦᠮ᠎ᠡ ᠳᠤ ᠯᠠᠮ᠎ᠠ ᠪᠣᠯᠤᠭᠰᠠᠨ ᠪᠠᠢ᠌ᠨ᠎ᠠ᠃ ᠳᠡᠭᠦᠨ ᠤ ᠠᠷᠠᠤᠨ ᠤᠨ ᠣᠷᠠᠯᠢᠭ ᠲᠤ ᠳᠤᠷ᠎ᠠ ᠪᠠᠬ᠎ᠠ ᠲᠡᠶ ᠡᠴᠡ ᠠᠷᠠᠤᠨ ᠣᠯᠠᠨ ᠳᠤ ᠳᠠᠭᠠᠰᠢᠶᠠᠭᠳᠠᠭᠰᠠᠨ ᠶᠠᠪᠣᠳᠠᠯ ᠨᠢ ᠰᠦᠮ᠎ᠡ ᠶᠢᠨ ᠭᠡᠭᠡᠨ ᠳᠤ ᠪᠣᠷᠤᠭᠤ ᠥᠵᠡᠭ᠍ᠳᠡᠨ᠂ ᠰᠥᠮ᠎ᠡ ᠡᠴᠡ ᠭᠦᠭᠡᠭᠡᠭ᠍ᠳᠡᠭ᠍ᠰᠡᠨ ᠪᠠᠢ᠌ᠨ᠎ᠠ᠃ ᠡᠭᠦᠨ ᠡᠴᠡ ᠡᠭᠢᠯᠡᠵᠤ ᠥᠯᠢᠭᠡᠷ ᠭᠡᠯᠡᠭᠦ ᠠᠮᠢᠳᠤᠷᠠᠯ ᠶᠢᠡᠨ ᠡᠭᠢᠯᠡᠭ᠍ᠰᠡᠨ ᠪᠠᠢ᠌ᠨ᠎ᠠ᠃ ᠨᠢᠭᠡᠨ ᠡᠳᠦᠷ᠂ ᠳᠠᠷᠠ ᠵᠠᠷᠤᠳ ᠬᠤᠰᠢᠭᠤᠨ ᠤ ᠨᠤᠶᠠᠨ ᠰᠦᠮ᠎ᠡ (ᠮᠤᠳᠤ ᠰᠤᠮᠤ) ᠶᠢᠨ ᠣᠷᠴᠢᠮ ᠥᠯᠢᠭᠡᠷ ᠭᠡᠯᠡᠵᠤ ᠶᠠᠪᠣᠬᠤ ᠳᠠᠭᠠᠨ᠂   ᠪᠠᠶᠠᠨ ᠡᠷᠦᠭᠡ ᠴᠣᠢ᠌ᠪᠠᠩ (1856᠊᠊᠊᠊᠊᠊᠊᠊᠊᠊᠊᠊᠊᠊᠊1928) ᠳ᠋ᠤ ᠪᠢᠰᠢᠷᠡᠭ᠍ᠳᠡᠵᠤ᠂ ᠴᠣᠢ᠌ᠪᠠᠩ ᠤᠨ ᠭᠡᠷ ᠲᠤ ᠣᠳᠠᠭᠠᠨ ᠡᠳᠦᠷ ᠰᠠᠭᠤᠵᠤ ᠳᠡᠭᠦᠨ ᠳᠤ ᠬᠤᠭᠤᠷ ᠤᠨ ᠥᠯᠢᠭᠡᠷ ᠭᠡᠯᠡᠭᠦ ᠠᠷᠭ᠎ᠠ ᠮᠡᠷᠭᠡᠵᠢᠯ ᠶᠢᠡᠨ ᠣᠯᠠᠮᠵᠢᠭᠰᠠᠨ ᠪᠠᠢ᠌ᠨ᠎ᠠ᠃ ᠡᠭᠦᠨ ᠡᠴᠡ ᠡᠭᠢᠯᠡᠵᠤ ᠵᠠᠷᠤᠳ ᠬᠤᠰᠢᠭᠤᠨ ᠳᠤ ᠬᠤᠭᠤᠷ ᠤᠨ ᠥᠯᠢᠭᠡᠷ ᠪᠣᠢ ᠪᠣᠯᠤᠭᠰᠠᠨ ᠪᠦᠭᠡᠤᠨ ᠬᠤᠭᠤᠷᠴᠢ ᠴᠤ ᠣᠯᠠᠮ ᠡᠴᠡ ᠣᠯᠠᠰᠢᠷᠠᠭᠰᠠᠨ ᠪᠠᠢ᠌ᠨ᠎ᠠ᠃

ᠢᠷᠡᠯᠲᠡ᠄ ᠪᠢᠴᠢᠭ᠍ᠰᠡᠨ ᠥᠭᠡᠢ
ᠬᠠᠷᠢᠶ᠎ᠠ᠄ ᠰᠤᠶᠤᠯ ᠣᠷᠠᠯᠢᠭ
ᠳᠠᠷᠤᠮ᠄ 7484
ᠴᠠᠭ᠄ 2005 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ