ᠨᠡᠪᠲᠡᠷᠡᠨ ᠤᠷᠤᠬᠤ
ᠥᠪᠣᠷ ᠤᠨ ᠴᠡᠩᠭᠡᠷ ᠪᠠᠭᠤᠴᠠ
᠊᠊᠊᠊᠊᠊᠊᠊᠊᠊᠊᠊᠊᠊᠊ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠪᠠᠢ᠌ᠭᠤᠯᠤᠭᠳᠠᠭᠰᠠᠨ 60 ᠵᠢᠯ ᠤᠨ ᠣᠢ ᠳᠤ ᠵᠤᠷᠢᠭᠤᠯᠪᠠ

ᠰᠠᠷᠠ ᠨᠠᠷᠠ ᠲᠡᠶ ᠽᠡᠮᠪᠦᠯᠢᠩ ᠳᠤ

ᠭᠦᠮᠤᠨ ᠵᠠᠶᠠᠭ᠎ᠠ ᠶᠢ ᠰᠤᠶᠤᠷᠬᠠᠭᠰᠠᠨ

ᠰᠠᠯᠵᠤ ᠨᠡᠢ᠌ᠯᠡᠭᠦ ᠶᠢᠨ ᠳᠤᠭᠠᠯᠠᠩ ᠳᠤ

ᠵᠡᠭᠦᠳᠤᠨ ᠳᠤ ᠭᠠᠭᠴᠠᠬᠠᠨ ᠬᠤᠷᠭᠤᠳᠠᠭᠰᠠᠨ

ᠦᠪᠣᠷ ᠤᠨ ᠴᠡᠩᠭᠡᠷ ᠪᠠᠭᠤᠴᠠ ᠮᠢᠨᠤ

ᠦᠷᠯᠦᠭ᠌ ᠭᠦᠮᠦᠰ ᠨᠠᠷ᠎ᠠ ᠪᠠᠨ ᠳᠠᠮᠠᠭᠠᠯᠠᠵᠤ ᠰᠢᠩᠭᠡᠭᠡᠭ᠍ᠰᠡᠨ

ᠳᠤᠮᠤᠭ ᠤᠨ ᠦᠨᠦᠷᠳᠠᠢ ᠭᠠᠵᠠᠷ ᠣᠰᠤᠨ

ᠡᠷᠡᠯᠭᠡᠭ᠌ ᠳᠡᠭᠡᠳᠦᠰ ᠶᠠᠰᠤ ᠪᠠᠨ ᠪᠠᠭᠠᠳᠤᠷ ᠬᠠᠶᠠᠭᠰᠠᠨ

ᠭᠤᠨᠢᠭ ᠰᠠᠯᠭᠢᠯᠠᠭᠰᠠᠨ ᠳᠡᠦᠭᠡᠨ ᠵᠤᠰᠠᠭᠠᠯ ︕

ᠥᠭᠡᠷ ᠬᠠᠰᠠᠭ ᠲᠡᠶ ᠦᠨᠳᠦᠷ ᠳᠠᠪᠠᠯᠳᠠᠨ ᠢ

ᠦᠯᠠᠮᠵᠢ ᠶᠢᠨ ᠳᠠᠪᠴᠢᠶᠠᠷᠢ ᠪᠠᠷ ᠵᠠᠭᠤᠨ ᠳᠠᠪᠠᠭᠤᠯᠵᠤ

ᠣᠷᠢᠳᠤ ᠣᠳᠤ ᠢᠷᠡᠭᠡᠳᠦᠢ ᠭᠤᠷᠪᠠ ᠶᠢ ᠨᠢ

ᠣᠮᠤᠭ ᠵᠤᠷᠢᠭ ᠵᠤᠳᠤᠭ ᠭᠤᠷᠪᠠ ᠪᠠᠷ ᠳᠠᠪᠳᠠᠭᠰᠠᠨ

ᠭᠡᠯᠡᠵᠤ ᠴᠢᠳᠠᠭ᠎ᠠ ᠦᠭᠡᠶ ᠭᠤᠨᠢᠭ ᠵᠤᠪᠠᠭᠤᠷᠢ ᠪᠦᠭᠦᠨ ᠢ ᠨᠢ

ᠭᠡᠭᠡᠷ᠎ᠡ ᠶᠢᠨ ᠰᠠᠯᠭᠢᠨ ᠶᠢᠡᠷ ᠶᠢᠡᠨ ᠭᠦᠭᠡᠮᠡᠢ᠌ᠳᠡᠨ ᠦᠯᠳᠠᠵᠤ

ᠭᠦᠯᠦᠭ᠌ ᠤᠨ ᠭᠢᠨᠢ ᠨᠢᠷᠤᠭᠤᠨ ᠳᠤ ᠣᠶᠠᠷᠠᠭᠠᠵᠤ ᠬᠠᠢ᠌ᠯᠠᠭᠤᠯᠵᠤ

ᠣᠷᠳᠤ ᠶᠢᠨ ᠳᠠᠭᠤᠤ ᠲᠡᠶ ᠰᠠᠵᠢᠯᠠᠭᠤᠯᠤᠭᠰᠠᠨ

ᠣᠳᠤᠮ ᠳᠠᠮᠵᠢᠬᠤ ᠣᠬᠠᠭᠠᠨ ᠤ ᠲᠦᠯᠤ ᠶᠢ ᠪᠠᠳᠠᠷᠠᠭᠠᠵᠤ

ᠣᠭᠰᠠᠭ᠎ᠠ ᠲᠦᠮᠡᠨ ᠢ ᠮᠢᠨᠢ ᠨᠠᠷᠠᠨ ᠳᠠᠯ᠎ᠠ ᠳᠤ ᠪᠠᠨ ᠪᠦᠭᠡᠴᠡᠭᠡᠢ᠌ᠯᠡᠭ᠍ᠰᠡᠨ

ᠦᠪᠣᠷ ᠳᠦᠴᠢ ᠶ‍ᠢᠰᠤᠨ ᠠᠶᠠᠯᠭᠤ ᠲᠡᠶ

ᠦᠷᠭᠦᠢ ᠳᠡᠦᠭᠡ ᠲᠡᠶ ᠪᠣᠭᠤᠷᠤᠯ ᠡᠭᠡ ᠣᠷᠤᠨ

ᠨᠠᠷᠠ ᠨᠢ ᠶᠠᠭᠠᠷᠠᠭᠰᠠᠨ ᠨᠠᠮᠤᠷᠵᠢᠶᠠᠨ ᠳᠤ ᠨᠢ

ᠰᠠᠷᠠ ᠨᠢ ᠬᠤᠷᠭᠤᠳᠠᠵᠤ ᠡᠷᠭᠡᠯᠡᠭ᠍ᠰᠡᠨ

ᠨᠠᠪᠴᠢᠰ ᠢᠴᠢᠭ᠍ᠰᠡᠨ ᠪᠠᠢ᠌ᠭᠠᠯᠢ ᠳᠤ ᠨᠢ

ᠨᠠᠢ᠌ᠷᠠᠮᠳᠠᠭᠤ ᠭᠦᠭ᠍ᠵᠢᠮ ᠴᠤᠤᠷᠢᠶᠠᠯᠠᠭᠰᠠᠨ

ᠦᠪᠣᠷ ᠤᠨ ᠴᠡᠩᠭᠡᠷ ᠪᠠᠭᠤᠴᠠᠨ ᠳᠤ ᠪᠠᠨ

ᠡᠵᠡᠨ ᠨᠢ ᠪᠣᠯᠵᠤ ᠬᠠᠨᠠᠢ᠌ᠯ᠎ᠠ ᠶᠤᠮᠰᠠᠨ

ᠳᠤᠭ ᠶᠢᠡᠨ ᠡᠷᠭᠦᠭ᠍ᠰᠡᠨ ᠵᠢᠷᠠᠨ ᠵᠢᠯ ᠢ ᠨᠢ

ᠳᠤᠤᠯᠢᠮ᠎ᠠ ᠬᠤᠷᠸ᠎ᠠ ᠳᠤ ᠳᠠᠭᠤᠯᠠᠬᠤ ᠶᠤᠮᠰᠠᠨ᠃


ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠦᠯ

ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ