ᠨᠡᠪᠲᠡᠷᠡᠨ ᠤᠷᠤᠬᠤ
ᠡᠬᠡ ᠤᠷᠤᠨ

ᠳᠡᠭᠡᠳᠤ ᠶᠢᠨ ᠰᠤᠷᠭᠠᠯ ᠬᠠᠢ᠌ᠷᠠᠯᠠᠭᠰᠠᠨ ᠠᠠᠳᠠ ᠶᠢᠨ ᠪᠠᠷᠢᠯᠳᠤᠯᠭ᠎ᠠ ᠲᠡᠶ

ᠳᠡᠯᠡᠭᠡᠢ ᠶᠢᠨ ᠰᠤᠨᠤᠷ ᠰᠡᠷᠭᠦᠭ᠍ᠰᠡᠨ ᠠᠭᠳᠠ ᠶᠢᠨ ᠳᠦᠪᠠᠷᠭᠡᠨ ᠲᠡᠶ

ᠳᠡᠭ᠍ᠷᠢ ᠭᠠᠵᠠᠷ ᠢ ᠭᠤᠤᠯᠯᠠᠵᠤ ᠪᠣᠰᠤᠭᠰᠠᠨ ᠪᠣᠷᠬᠠᠨ ᠨᠠᠷ᠎ᠠ ᠲᠡᠶ

ᠳᠠᠮᠤᠵᠢᠨ ᠬᠠᠰᠠᠷ ᠢ ᠳᠦᠷᠦᠭᠦᠯᠵᠤ ᠥᠰᠭᠡᠭ᠍ᠰᠡᠨ ᠥᠷᠯᠦᠭ᠌ ᠡᠵᠢ ᠲᠡᠶ

ᠳᠠᠷᠤᠭᠳᠠᠰᠢ ᠦᠭᠡᠶ ᠬᠠᠳᠠᠨ ᠳᠡᠭ᠍ᠷᠢᠯᠢᠭ᠌ ᠬᠠᠷ᠎ᠠ ᠰᠦᠯᠳᠡ ᠲᠡᠶ

ᠳᠠᠪᠬᠤᠴᠠᠰᠢ ᠦᠭᠡᠶ ᠭᠣᠢ᠌ᠳᠠ ᠣᠶᠠᠩᠭ᠋᠎ᠠ ᠳᠠᠭᠤᠤ ᠴᠤᠤᠷᠢᠶ᠎ᠠ ᠲᠡᠶ

ᠠᠯᠳᠠᠷᠠᠬᠤ ᠨᠠᠷᠠᠨ ᠤ ᠳᠤᠶᠠᠭᠠᠨ ᠳᠤ ᠢᠳᠡᠭᠡᠯ ᠬᠤᠷᠣᠢ᠌ᠯᠠᠭᠰᠠᠨ ᠨᠤᠳᠤᠭ

ᠠᠮᠢᠳᠤᠷᠠᠬᠤ ᠨᠠᠰᠤᠨ ᠤ ᠵᠠᠶᠠᠭᠠᠨ ᠳᠤ ᠰᠠᠤᠠᠭᠢᠯ ᠭᠦᠭᠯᠡᠭ᠍ᠰᠡᠨ ᠣᠷᠤᠨ

ᠬᠠᠭᠤᠴᠢ ᠭᠦᠭᠡᠷᠳᠡᠭ᠌ ᠡᠪᠦᠭᠡᠴᠦᠳ ᠤᠨ ᠠᠮᠢᠳᠤᠷᠠᠯ ᠳᠠᠨᠢᠭᠤᠯᠤᠭᠰᠠᠨ

ᠬᠠᠨᠢ ᠳᠠᠭᠠᠨ ᠵᠤᠷᠢᠭᠰᠠᠨ ᠭᠡᠦᠭᠡᠡᠴᠦᠳ ᠤᠨ ᠬᠠᠢ᠌ᠷ᠎ᠠ ᠪᠣᠯᠢᠶᠠᠭᠰᠠᠨ

ᠬᠤᠷᠸ᠎ᠠ ᠶᠢᠨ ᠲᠦᠮᠡᠨ ᠲᠡᠶ ᠮᠠᠠᠳᠤ ᠶᠢᠨ ᠴᠠᠭᠠᠨ ᠬᠠᠳᠠᠭ ᠵᠥᠷᠢᠭᠦᠯᠦᠭ᠍ᠰᠡᠨ

ᠬᠤᠯᠠ ᠶᠢᠨ ᠭᠦᠷᠤᠨ ᠲᠡᠶ ᠳᠠᠨᠢᠯᠴᠠᠬᠤ ᠰᠠᠤᠠᠭᠢᠯ ᠤᠨ ᠠᠯᠠᠭ᠎ᠠ ᠳᠡᠯᠭᠡᠭ᠍ᠰᠡᠨ

ᠳᠡᠢ᠌ᠯᠦᠭ᠍ᠳᠡᠰᠢ ᠦᠭᠡᠶ ᠨᠢᠭᠤᠴᠠ ᠭᠦᠷᠳᠦᠳᠤ ᠳᠡᠦᠭᠡ ᠶᠢᠨ ᠣᠯᠠ ᠲᠡᠶ

ᠳᠡᠢ᠌ᠯᠦᠭ᠍ᠳᠡᠰᠢ ᠦᠭᠡᠶ ᠦᠨᠡᠨ ᠭᠦᠮᠤᠨ ᠴᠢᠯᠠᠭᠤ ᠶᠢᠨ ᠵᠤᠯᠠ ᠲᠡᠶ

ᠠᠯᠳᠠᠷᠠᠬᠤ ᠨᠠᠷᠠᠨ ᠤ ᠳᠤᠶᠠᠭᠠᠨ ᠳᠤ ᠬᠠᠢ᠌ᠷ᠎ᠠ ᠢᠪᠠᠭᠡᠭ᠍ᠰᠡᠨ ᠨᠤᠳᠤᠭ

ᠠᠮᠢᠳᠤᠷᠠᠬᠤ ᠨᠠᠰᠤᠨ ᠤ ᠵᠠᠶᠠᠭᠠᠨ ᠳᠤ ᠪᠣᠳᠤᠯ ᠠᠷᠢᠭᠤᠰᠬᠠᠭᠰᠠᠨ ᠣᠷᠤᠨ

ᠴᠡᠯᠮᠡᠭ᠌ ᠠᠭᠠᠷ ᠡᠴᠡ ᠨᠢ ᠡᠭ᠍ᠰᠢᠷᠡᠨ ᠬᠠᠩᠬᠤᠯᠠᠬᠤ ᠰᠦ᠋ ᠶᠢᠨ ᠦᠨᠦᠷ ᠲᠡᠶ

ᠴᠡᠩᠭᠡᠷ ᠳᠡᠭ᠍ᠷᠢ ᠡᠴᠡ ᠨᠢ ᠠᠰᠬᠠᠷᠠᠨ ᠪᠠᠭᠤᠬᠤ ᠭᠦᠯᠦᠭ᠌ ᠤᠨ ᠳᠤᠭᠤᠰᠤ ᠲᠡᠶ

ᠴᠡᠯᠡᠭᠡᠷ ᠳᠠᠯ᠎ᠠ ᠡᠴᠡ ᠨᠢ ᠢᠷᠠᠯᠵᠠᠨ ᠳᠡᠭ᠍ᠳᠡᠭᠦ ᠠᠮᠢᠳᠤ ᠵᠡᠷᠭᠡᠯᠭᠡᠨ ᠲᠡᠶ

ᠴᠡᠭᠡᠯᠭᠡᠨ ᠭᠦᠡᠳᠡᠢ ᠡᠴᠡ ᠨᠢ ᠰᠠᠷᠠᠪᠴᠢᠯᠠᠨ ᠭᠦᠯᠢᠶᠡᠭᠦ ᠡᠵᠢ ᠶᠢᠨ ᠪᠠᠷ᠎ᠠ ᠲᠡᠶ

ᠰᠢᠷᠭᠢᠰᠢ ᠦᠭᠡᠶ ᠠᠷᠢᠭᠤᠨ ᠮᠥᠩᠭᠡ ᠶᠢᠨ ᠢᠷᠦᠭᠡᠯ ᠲᠡᠶ

ᠰᠢᠯᠵᠢᠰᠢ ᠦᠭᠡᠢ ᠳᠠᠷᠬᠠᠨ ᠡᠩᠭᠡ ᠶᠢᠨ ᠰᠢᠳᠦᠭᠡᠨ ᠲᠡᠶ

ᠠᠯᠳᠠᠷᠠᠬᠤ ᠨᠠᠷᠠᠨ ᠤ ᠳᠤᠶᠠᠭᠠᠨ ᠳᠤ ᠵᠢᠷᠭᠠᠯ ᠲᠡᠳᠬᠦᠭ᠍ᠰᠡᠨ ᠨᠤᠳᠤᠭ

ᠠᠮᠢᠳᠤᠷᠠᠬᠤ ᠨᠠᠰᠤᠨ ᠤ ᠵᠠᠶᠠᠭᠠᠨ ᠳᠤ ᠭᠡᠢ᠌ᠮᠦᠷᠢ ᠪᠣᠰᠬᠠᠭᠰᠠᠨ ᠣᠷᠤᠨ

(《ᠦᠨᠢᠷ ᠴᠡᠴᠡᠭ᠌》 ᠰᠡᠳᠭᠦᠯ ᠤᠨ 2006 ᠣᠨ ᠤ ᠬᠤᠶᠠᠳᠤᠭᠠᠷ ᠬᠤᠭᠤᠴᠠᠭ᠎ᠠ ᠳᠤ ᠨᠡᠢ᠌ᠳᠡᠯᠡᠭ᠍ᠳᠡᠪᠡ)

ᠵᠤᠬᠢᠶᠠᠭᠴᠢ ᠶᠢᠨ ᠳᠤᠬᠠᠢ᠄ ᠵᠢ᠊·ᠠᠩᠭᠢᠷ᠂ ᠲᠦᠩᠯᠢᠶᠤᠤ ᠬᠤᠳᠠ ᠶᠢᠨ ᠭᠦᠷᠢᠶ᠎ᠡ ᠬᠤᠰᠢᠭᠤᠨ ᠤ ᠭᠦᠮᠤᠨ᠂ ᠣᠳᠤ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠭᠠᠵᠠᠷ ᠵᠦᠢ ᠶᠢᠨ ᠰᠢᠡᠵᠢᠯᠡᠭᠦ ᠣᠬᠠᠭᠠᠨ ᠤ ᠭᠦᠷᠢᠶᠡᠯᠡᠩ ᠤᠨ 2003 ᠣᠨ ᠤ ᠮᠤᠩᠭ᠋ᠤᠯ ᠠᠩᠭᠢ ᠳᠤ ᠰᠤᠷᠤᠯᠴᠠᠵᠤ ᠪᠠᠢ᠌ᠨ᠎ᠠ᠃


ᠵᠤᠬᠢᠶᠠᠭᠴᠢ᠄ ᠵᠢ᠊·ᠠᠩᠭᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 7098
ᠴᠠᠭ᠄ 2006 ᠤᠨ ᠤ 09 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ