☆ ᠬᠠᠨ ᠵᠢᠷᠤᠮᠳᠤ
ᠠᠯᠳᠠᠨ ᠭᠤᠷᠭᠤᠤᠯᠳᠠᠢ ᠶᠢᠨ ᠳᠠᠭᠤᠤ
ᠠᠷᠤ ᠬᠠᠩᠭ᠋ᠠᠢ ᠳᠤ ᠡᠭᠡ ᠨᠤᠳᠤᠭ ᠳᠠᠢ
ᠠᠷᠪᠠᠨ ᠭᠡᠳᠤᠨ ᠠᠯᠳᠠᠨ ᠭᠤᠷᠭᠤᠤᠯᠳᠠᠢ
ᠠᠩᠬ᠎ᠠ ᠨᠤᠳᠤᠭ ᠲᠠᠭᠠᠨ ᠪᠠᠢ᠌ᠬᠤ ᠥᠶ᠎ᠡ
ᠠᠵᠠ ᠶᠢᠨ ᠳᠠᠯᠠᠢ ᠳᠤ ᠱᠤᠩᠪᠠᠵᠤ ᠪᠠᠢ᠌ᠯ᠎ᠠ᠂
ᠠᠭᠢ ᠶᠢᠨ ᠰᠢᠮ᠎ᠠ ᠳᠤ ᠳᠠᠷᠭᠤ ᠠᠪᠴᠤ
ᠠᠬ᠎ᠠ ᠳᠡᠭᠦᠤ ᠬᠠᠮᠳᠤ ᠨᠢᠰᠭᠦ ᠪᠠᠢ᠌ᠵᠠᠢ
ᠠᠷᠪᠠᠢ ᠶᠢᠨ ᠳᠡᠵᠢᠭᠡᠯ ᠳᠤ ᠳᠠᠷ ᠠᠪᠴᠤ
ᠠᠰᠭᠠ ᠬᠠᠳᠠᠨ ᠳᠤ ᠰᠠᠭᠤᠬᠤ ᠪᠠᠢ᠌ᠵᠠᠢ᠃
ᠳᠠᠢ᠌ᠷᠴᠤ ᠪᠠᠭᠤᠭᠰᠠᠨ ᠬᠠᠷ᠎ᠠ ᠠᠶᠤᠯ ᠳ᠋ᠤ
ᠳᠠᠢ᠌ᠪᠣᠩ ᠠᠮᠢᠳᠤᠷᠠᠯ ᠨᠢ ᠳᠠᠰᠤᠷᠠᠵᠤ ᠤᠴᠢᠪᠡ
ᠳᠠᠷᠢ ᠰᠤᠮᠤ ᠲᠡᠶ ᠬᠠᠷ᠎ᠠ ᠳᠤᠯᠤᠭᠠᠢ᠌ᠳᠠᠨ
ᠳᠡᠭᠡᠷᠡᠮ ᠪᠣᠯᠵᠤ ᠬᠤᠪᠢᠷᠠᠵᠤ ᠤᠴᠢᠪᠡ᠂
ᠳᠡᠯᠡᠭᠡᠢ ᠶᠢ ᠳᠤᠩᠰᠤᠯᠭᠠᠬᠤ ᠫᠣᠤ ᠶᠢᠨ ᠳᠠᠭᠤᠨ ᠳ᠋ᠤ
ᠳᠠᠯᠠᠪᠴᠢ ᠨᠢ ᠤᠨᠤᠭᠳᠠᠨ ᠤᠨᠠᠬᠤ ᠪᠣᠯᠪᠠ
ᠳᠡᠭ᠍ᠳᠡᠭᠡᠢ ᠵᠤᠯᠵᠠᠭ᠎ᠠ ᠪᠠᠨ ᠡᠭᠡ ᠨᠢ ᠳᠠᠭᠠᠭᠤᠯᠵᠤ
ᠳᠡᠭᠡᠳᠤ ᠨᠤᠳᠤᠭ ᠡᠴᠡ ᠪᠠᠨ ᠰᠠᠯᠬᠤ ᠪᠣᠯᠪᠠ᠃
ᠬᠤᠪᠠᠬᠠᠢ ᠳᠠᠯ᠎ᠠ ᠳᠤ ᠬᠤᠷ᠎ᠠ ᠪᠠᠭᠤᠵᠤ
ᠬᠤᠸᠠᠷ ᠴᠡᠴᠡᠭ᠌ ᠪᠣᠯᠢᠶᠠᠯᠳᠤᠨ ᠳᠡᠯᠭᠡᠷᠡᠨ᠎ᠡ
ᠬᠤᠷᠸ᠎ᠠ ᠪᠠᠢ᠌ᠭᠠᠯᠢ ᠳᠤ ᠭᠡᠰᠢᠭ᠌ ᠪᠠᠭᠤᠵᠤ
ᠬᠤᠷᠢᠵᠤ ᠬᠠᠮᠠᠭᠠᠯᠠᠬᠤ ᠳᠤᠭᠳᠠᠭᠠᠯ ᠨᠠᠢ᠌ᠳᠠᠯᠠᠨ᠎ᠠ᠂
ᠬᠤᠷᠳᠤᠨ ᠫᠣᠤ ᠬᠤᠷᠢᠶᠠᠮᠵᠢᠯᠠᠭᠳᠠᠬᠤ ᠪᠣᠯᠵᠤ
ᠬᠤᠯᠠᠭᠠᠢ ᠳᠡᠭᠡᠷᠡᠮ ᠪᠠᠭᠠᠰᠴᠤ ᠢᠷᠠᠪᠠ
ᠬᠤᠵᠢᠭᠠᠷ ᠮᠠᠩᠬ᠎ᠠ ᠳᠡᠷᠯᠢᠭ᠌ ᠭᠡᠳᠦᠷᠴᠤ
ᠬᠤᠷᠤᠭᠳᠠᠭᠰᠠᠨ ᠰᠢᠪᠠᠭᠤᠳ ᠤᠯᠡᠰᠢᠷᠡᠵᠤ ᠢᠷᠠᠪᠠ᠃
ᠠᠯᠤᠰ ᠲᠤ ᠳᠡᠨᠦᠴᠢᠯᠡᠭᠦ ᠠᠯᠳᠠᠨ ᠭᠤᠷᠭᠤᠤᠯᠳᠠᠢ
ᠠᠷᠤ ᠨᠤᠳᠤᠭ ᠲᠠᠭᠠᠨ ᠪᠣᠴᠠᠭᠠᠤᠨ ᠢᠷᠠᠯ᠎ᠠ
ᠠᠯᠠᠭ ᠨᠢᠳᠤ ᠪᠠᠨ ᠢᠳᠡᠭᠡᠵᠤ ᠶᠠᠳᠠᠨ
ᠠᠶᠠᠯᠭᠤ ᠳᠠᠭᠤᠤ ᠲᠡᠶ ᠬᠠᠷᠢᠭᠠᠤᠨ ᠢᠷᠠᠯ᠎ᠠ᠂
ᠠᠯᠳᠠᠨ ᠳᠡᠯᠡᠭᠡᠢ ᠳᠡᠭᠡᠨ ᠴᠢᠮᠡᠭ᠌ ᠰᠢᠤ
ᠠᠪᠣ ᠳᠡᠭᠡᠳᠤ ᠶᠢᠨ ᠨᠤᠳᠤᠭ ᠶᠤᠮ ᠳ᠋ᠠ
ᠠᠰᠢᠳᠠ ᠤᠷᠦᠰᠢᠬᠤ ᠶᠢᠨ ᠥᠯᠦᠭᠡᠢ ᠰᠢᠤ
ᠠᠵᠠ ᠶᠢᠨ ᠴᠠᠭᠠᠨ ᠳᠡᠭ᠍ᠷᠢ ᠶᠤᠮ ᠳ᠋ᠠ︕
2009-4-30
ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2748
ᠴᠠᠭ᠄ 2009 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ