ᠨᠡᠪᠲᠡᠷᠡᠨ ᠤᠷᠤᠬᠤ
ᠠᠯᠳᠠᠢ ᠶᠢᠨ ᠭᠦᠷᠡᠩ ᠪᠦᠷᠭᠦᠤᠨ

ᠮᠥᠩᠭᠡ ᠴᠠᠰᠤᠳᠤ ᠬᠠᠢ᠌ᠷᠠᠬᠠᠨ ᠤ ᠰᠠᠷᠢᠳᠠᠭ ᠪᠣᠯᠭᠠᠨ ᠳᠤ ᠡᠭᠦᠷ ᠳᠠᠢ

ᠮᠥᠩᠭᠦᠨ ᠳᠤᠭᠤᠯᠭᠠᠢ᠌ᠳᠤ ᠥᠡᠳᠦᠷᠯᠢᠭ᠌ ᠤᠨ ᠰᠠᠯᠠᠭ᠎ᠠ ᠪᠣᠯᠭᠠᠨ ᠳᠤ ᠪᠠᠭᠤᠷᠢ ᠳᠠᠢ

ᠨᠢ᠋ᠮᠠᠨ ᠳᠠᠭᠢᠯᠳᠤ ᠡᠭᠡ ᠠᠽᠢ ᠶᠢᠨ ᠵᠡᠭᠦᠨ ᠡᠮᠦᠨ᠎ᠡ ᠳᠠᠭᠤᠤᠷᠢ ᠳᠠᠢ

ᠨᠠᠩᠭᠢᠶᠠᠤᠨ ᠰᠠᠭᠢᠯᠳᠤ ᠶᠡᠭᠡ ᠭᠡᠷ ᠤᠨ ᠪᠠᠷᠠᠭᠤᠨ ᠬᠣᠢ᠌ᠮᠤᠷ ᠲᠤ ᠰᠠᠭᠤᠷᠢ ᠳᠠᠢ

ᠠᠯᠳᠠᠢ ᠶᠢᠨ ᠭᠦᠷᠡᠩ ᠪᠦᠷᠭᠦᠤᠨ ᠠᠳᠠᠭ᠎ᠠ ᠳᠡᠭ᠍ᠷᠢ ᠶᠢᠨ ᠡᠯᠴᠢᠨ

ᠠᠷᠪᠠᠨ ᠬᠠᠷ᠎ᠠ ᠶᠢᠨ ᠳᠠᠷᠤᠯᠭ᠎ᠠ ᠪᠣᠯᠤᠭᠰᠠᠨ ᠠᠮᠤᠷ ᠵᠠᠶᠠᠭᠠᠨ ᠤ ᠭᠢᠯᠢᠴᠢᠨ

ᠠᠯᠳᠠᠢ ᠶᠢᠨ ᠭᠦᠷᠡᠩ ᠪᠦᠷᠭᠦᠤᠨ ᠊᠊᠊᠊᠊᠊᠊᠊᠊᠊᠊᠊᠊᠊᠊

ᠪᠣᠯᠠᠭ ᠤᠨ ᠣᠰᠤ ᠪᠠᠷ ᠴᠦᠯ ᠶᠢᠡᠨ ᠳᠠᠷᠤᠵᠤ

ᠪᠣᠯᠠᠮᠠᠭ ᠳᠠᠯᠬ᠎ᠠ ᠪᠠᠷ ᠦᠯ ᠶᠢᠡᠨ ᠳᠠᠷᠤᠵᠤ

ᠴᠤᠭ ᠶᠢᠡᠷ ᠪᠣᠯᠭᠤᠭᠰᠠᠨ ᠳᠤᠭᠤᠱ ᠢᠳᠠᠵᠤ

ᠴᠤᠷᠭᠤ ᠪᠠᠷ ᠨᠡᠷᠡᠭ᠍ᠰᠡᠨ ᠠᠷᠢᠭᠢ ᠣᠤᠭᠤᠵᠤ

ᠠᠳᠠᠨ ᠳᠡᠮᠡᠭᠡᠨ ᠤ ᠪᠦᠭᠦᠨ ᠳᠡᠭᠡᠷ᠎ᠡ

ᠪᠠᠷᠳᠠᠮ ᠳᠡᠦᠭᠡ ᠪᠠᠨ ᠬᠤᠮᠨᠠᠵᠤ

ᠠᠭᠳᠠ ᠭᠦᠯᠦᠭ᠌ ᠤᠨ ᠨᠢᠷᠤᠭᠤᠨ ᠳᠡᠭᠡᠷ᠎ᠡ

ᠪᠠᠭᠠᠳᠤᠷ ᠳᠤᠤᠯᠢ ᠪᠠᠨ ᠴᠤᠮᠨᠠᠵᠤ ᠢᠷᠡᠭ᠍ᠰᠡᠨ ᠶᠤᠮ

ᠠᠯᠳᠠᠢ ᠶᠢᠨ ᠭᠦᠷᠡᠩ ᠪᠦᠷᠭᠦᠤᠨ ᠊᠊᠊᠊᠊᠊᠊᠊᠊᠊᠊᠊᠊᠊᠊

ᠬᠣᠢ᠌ᠳᠤ ᠰᠠᠷ᠎ᠠ ᠶᠢᠨ ᠳᠡᠭ᠍ᠷᠢ ᠶᠢ ᠬᠤᠷᠢᠨ ᠳᠤᠯᠤᠭ᠎ᠠ ᠪᠠᠷ ᠠᠵᠢᠵᠤ

ᠬᠤᠨᠢᠨ ᠤ ᠪᠣᠷᠤ ᠱᠦᠯᠦ ᠪᠠᠷ ᠬᠠᠭᠤᠴᠢ ᠰᠢᠷ᠎ᠠ ᠪᠠᠨ ᠳᠠᠷᠤᠵᠤ

ᠬᠤᠷᠠᠬᠤ ᠶᠢᠨ ᠦᠨᠳᠦᠷ ᠣᠪᠣᠭᠠᠨ ᠳᠡᠭᠡᠷ᠎ᠡ ᠭᠠᠵᠠᠷ ᠤᠨ ᠰᠠᠪᠳᠠᠭ ᠲᠡᠶ ᠭᠦᠦᠷᠨᠢᠵᠤ

ᠬᠤᠶᠠᠷᠬᠠᠨ ᠣᠰᠤᠳᠠᠢ ᠨᠠᠷᠠᠮᠠᠯ ᠳᠤ ᠭᠠᠯ ᠤᠨ ᠪᠣᠷᠬᠠᠤᠨ ᠲᠡᠶ ᠭᠦᠭᠡᠷᠦᠯᠳᠦᠵᠤ

ᠢᠳᠡᠭᠡᠨ ᠤ ᠳᠡᠭᠡᠵᠢ ᠡᠯᠢᠭᠡᠨ ᠴᠠᠭᠠᠨ ᠳᠠᠷᠠᠭ ᠶᠢᠡᠷ ᠳᠤᠯᠤᠭᠠᠨ ᠳᠤᠩᠭ᠋ᠠᠷᠠᠢ ᠭᠦᠢᠴᠡᠭᠡᠵᠤ

ᠡᠳ᠋ ᠶᠢᠨ ᠳᠡᠭᠡᠳᠤ ᠠᠷᠢᠭᠤᠨ ᠴᠠᠭᠠᠨ ᠬᠠᠳᠠᠭ ᠶᠢᠡᠷ ᠨᠢ᠋ᠮᠠᠨ ᠭᠠᠠᠵᠤᠭ᠎ᠠ ᠪᠠᠨ ᠮᠢᠯᠢᠶᠠᠨ

ᠴᠥᠭ᠌ ᠬᠠᠢ᠌ᠷᠠᠬᠠᠨ ᠭᠡᠮᠡᠨ ᠶ‍ᠢᠰᠤᠨ ᠭᠦᠰᠡᠯ ᠳᠡᠭ᠍ᠰᠢᠯᠡᠨ ᠢᠷᠦᠭᠡᠵᠤ

ᠴᠤᠬᠤ ᠳᠡᠭᠡᠳᠤ ᠮᠢᠨᠤ ᠭᠡᠵᠤ ᠠᠷᠪᠠᠨ ᠴᠠᠭᠠᠨ ᠪᠣᠶᠠᠨ ᠶᠢᠡᠷ ᠢᠷᠤᠰᠢᠶᠠᠳᠠᠭ ᠶᠤᠮ

ᠠᠯᠳᠠᠢ ᠶᠢᠨ ᠭᠦᠷᠡᠩ ᠪᠦᠷᠭᠦᠤᠨ ᠊᠊᠊᠊᠊᠊᠊᠊᠊᠊᠊᠊᠊᠊᠊

ᠭᠡᠮᠦᠷᠢ ᠳᠠᠯᠠᠰᠤᠨ᠎ᠠ ᠭᠡᠵᠤ ᠣᠪᠣᠭᠠᠨ ᠳᠡᠭᠡᠷ᠎ᠡ ᠴᠢᠯᠠᠭᠤ ᠨᠡᠮᠡᠳᠡᠭ᠌ ᠶᠤᠮ

ᠭᠡᠰᠢᠭ᠌ ᠳᠡᠯᠭᠡᠷᠡᠨ᠎ᠡ ᠭᠡᠵᠤ ᠣᠳᠤᠭᠤ ᠳᠡᠭᠡᠷ᠎ᠡ ᠪᠠᠨ ᠵᠠᠯᠠᠭ᠎ᠠ ᠨᠡᠮᠡᠳᠡᠭ᠌ ᠶᠤᠮ

ᠶᠤᠰᠤᠨ ᠳᠤ ᠬᠠᠷᠰᠢ ᠭᠡᠵᠤ ᠲᠦᠷᠦ ᠶᠢᠨ ᠭᠡᠷᠡᠭ᠌ ᠲᠤ ᠳᠤᠯᠤᠭᠠᠢ ᠨᠢᠴᠦᠭᠦᠨ ᠰᠠᠭᠤᠳᠠᠭ ᠦᠭᠡᠶ ᠶᠤᠮ

ᠢᠷᠸ᠎ᠠ ᠳᠤ ᠮᠠᠭᠤ ᠭᠡᠵᠤ ᠲᠦᠷᠦᠯ ᠤᠨ ᠭᠡᠷᠡᠭ᠌ ᠲᠤ ᠭᠦᠯ ᠨᠢᠴᠦᠭᠦᠨ ᠭᠦᠶ‍ᠦᠳᠡᠭ᠌ ᠦᠭᠡᠶ ᠶᠤᠮ

ᠯᠤᠤᠰᠳᠤ ᠠᠳᠠᠢ᠌ᠨ᠎ᠠ ᠭᠡᠵᠤ ᠪᠣᠯᠠᠭ ᠤᠨ ᠨᠢᠳᠤᠨ ᠳᠤ ᠰᠡᠭᠦᠳᠡᠷ ᠶᠢᠡᠨ ᠥᠵᠡᠭᠦᠯᠳᠡᠭ᠌ ᠦᠭᠡᠶ ᠶᠤᠮ

ᠯᠤᠩᠳᠠᠢ ᠪᠠᠭᠤᠨ᠎ᠠ ᠭᠡᠵᠤ ᠪᠣᠷᠭᠠᠰᠤᠨ ᠤ ᠨᠠᠮᠠᠭᠠᠨ ᠳᠤ ᠰᠥᠭᠡ ᠭᠦᠷᠭᠡᠳᠡᠭ᠌ ᠦᠭᠡᠶ ᠶᠤᠮ

ᠦᠷᠦᠮ᠎ᠡ ᠰᠦ᠋ ᠪᠠᠷ ᠳᠠᠭᠢᠵᠤ ᠭᠠᠵᠠᠷ ᠤᠨ ᠰᠠᠪᠳᠠᠭ ᠳᠡᠨᠢ᠌ᠯᠭᠡᠳᠡᠭ᠌ ᠶᠤᠮ

ᠥᠭᠡᠭᠦᠨ ᠳᠤᠰᠤ ᠪᠠᠷ ᠳᠠᠢ᠌ᠵᠤ ᠭᠠᠯ ᠤᠨ ᠪᠣᠷᠬᠠᠨ ᠶᠢᠡᠨ ᠮᠥᠰᠢᠶᠡᠯᠭᠡᠳᠡᠭ᠌ ᠶᠤᠮ

ᠠᠯᠳᠠᠢ ᠶᠢᠨ ᠭᠦᠷᠡᠩ ᠪᠦᠷᠭᠦᠤᠨ ᠊᠊᠊᠊᠊᠊᠊᠊᠊᠊᠊᠊᠊᠊᠊

ᠴᠢᠨ᠋ᠸ᠎ᠠ ᠶᠢᠨ ᠱᠠᠭ᠎ᠠ ᠡᠯᠭᠦᠵᠤ ᠶᠠᠰᠤᠨ ᠡᠰᠢᠳᠡᠢ ᠣᠳᠤᠭ᠎ᠠ ᠵᠡᠭᠦᠳᠡᠭ᠌

ᠴᠢᠯᠠᠭᠤ ᠪᠠᠷ ᠵᠠᠤᠨ ᠪᠠᠷᠢᠵᠤ ᠶᠠᠷᠭᠠᠢ ᠡᠰᠢᠳᠡᠢ ᠮᠠᠯᠢᠶ᠎ᠠ ᠪᠠᠷᠢᠳᠠᠭ

ᠣᠷᠤᠩᠭ᠋ᠤ ᠶᠢᠨ ᠡᠪᠠᠷ ᠶᠢᠡᠷ ᠪᠠᠭᠤᠷᠢ ᠪᠠᠨ ᠳᠡᠮᠳᠡᠭᠯᠡᠵᠤ ᠪᠠᠶᠠᠷ ᠡᠭᠦᠰᠭᠡᠳᠡᠭ᠌

ᠣᠳᠤᠷ ᠤᠨ ᠰᠢᠷᠤᠢ ᠪᠠᠷ ᠰᠠᠭᠤᠷᠢ ᠪᠠᠨ ᠰᠠᠯᠭᠠᠵᠤ ᠪᠠᠷᠴᠢᠳ ᠶᠢᠡᠨ ᠠᠷᠢᠯᠭᠠᠳᠠᠭ

ᠠᠯᠳᠠᠢ ᠶᠢᠨ ᠭᠦᠷᠡᠩ ᠪᠦᠷᠭᠦᠤᠨ ᠊᠊᠊᠊᠊᠊᠊᠊᠊᠊᠊᠊᠊᠊᠊

ᠳᠠᠯᠯᠤᠭᠰᠠᠨ ᠬᠠᠨᠢ ᠪᠠᠨ ᠡᠪ ᠤᠨ ᠮᠤᠳᠤ ᠪᠠᠷ ᠡᠭᠡᠰᠢᠭ᠌ ᠵᠤᠬᠢᠶᠠᠵᠤ ᠳᠤᠪᠰᠢᠭᠤᠷᠳᠠᠳᠠᠭ ᠶᠤᠮ

ᠳᠠᠯᠠᠢ᠌ᠳᠤᠭᠰᠠᠨ ᠳᠠᠢ᠌ᠰᠤᠨ ᠶᠢᠡᠨ ᠡᠰᠡᠷᠸ᠎ᠡ ᠳᠡᠭᠡᠷ᠎ᠡ ᠨᠢ ᠡᠵᠡᠭᠡᠢ ᠪᠣᠴᠠᠯᠭᠠᠵᠤ ᠳᠤᠨᠢᠯᠭᠠᠳᠠᠭ ᠶᠤᠮ

ᠠᠯᠳᠠᠢ ᠶᠢᠨ ᠭᠦᠷᠡᠩ ᠪᠦᠷᠭᠦᠤᠨ ᠠᠳᠠᠭ᠎ᠠ ᠳᠡᠭ᠍ᠷᠢ ᠶᠢᠨ ᠡᠯᠴᠢᠨ

ᠠᠷᠪᠠᠨ ᠬᠠᠷ᠎ᠠ ᠶᠢᠨ ᠳᠠᠷᠤᠯᠭ᠎ᠠ ᠪᠣᠯᠤᠭᠰᠠᠨ ᠠᠮᠤᠷ ᠵᠠᠶᠠᠭᠠᠨ ᠤ ᠭᠢᠯᠢᠴᠢᠨ᠃

ᠵᠤᠬᠢᠶᠠᠭᠴᠢ᠄ ᠺᠠ᠊·ᠴᠠᠷᠠᠠᠳᠤᠷᠵᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2675
ᠴᠠᠭ᠄ 2009 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ