☆ ᠪᠣᠷᠵᠢᠭᠢᠨ ᠷᠢᠠᠴᠢᠨ
ᠭᠠᠩ
ᠬᠠᠭᠠᠨ ᠨᠠᠷᠠᠨ ᠤ ᠢᠯᠴᠢᠨ ᠳ᠋ᠤ
ᠭᠤᠪᠢ ᠭᠠᠯ ᠰᠢᠭ ᠳᠦᠷᠠᠯᠵᠠᠨ᠎ᠡ
ᠬᠠᠳᠠᠵᠤ ᠰᠢᠷᠭᠢᠭ᠍ᠰᠡᠨ ᠬᠤᠳᠳᠤᠭ ᠤᠨ
ᠣᠰᠤ ᠵᠡᠷᠭᠡᠯᠭᠡᠨ ᠰᠢᠭ᠌ ᠨᠠᠮᠢᠷᠠᠨ᠎ᠠ
ᠬᠠᠩᠭ᠋ᠠᠢ ᠭᠤᠪᠢ ᠶᠢᠨ ᠭᠡᠳᠤᠨ
ᠲ᠋ᠡᠮᠡᠭᠡ ᠦᠷᠭᠡᠯᠡᠭᠦ ᠮᠠᠳᠤ ᠵᠤᠭᠰᠤᠨ᠎ᠠ
ᠬᠠᠭᠤᠷᠠᠢ ᠬᠤᠳᠳᠤᠭ ᠤᠨ ᠠᠰᠬᠠᠷ
ᠲ᠋ᠡᠭᠡᠷ᠎ᠡ ᠣᠭᠢᠯᠠᠬᠤ ᠮᠠᠳᠤ ᠪᠣᠢ᠌ᠯᠠᠨ᠎ᠠ
ᠠᠯᠠᠭᠠᠨ ᠴᠢᠨᠡᠭᠡᠨ ᠡᠭᠦᠯᠡ
ᠲ᠋ᠡᠮᠡᠭᠡᠨ ᠪᠦᠭᠦ ᠶᠢᠨ ᠵᠠᠪᠰᠠᠷ ᠲᠤ ᠣᠷᠭᠤᠨ᠎ᠠ
ᠠᠪᠠᠷ ᠳᠠᠪᠠᠷ ᠪᠣᠷᠤᠭᠠᠨ ᠤ ᠳᠤᠰᠤᠯ
ᠭᠠᠵᠠᠷ ᠭᠦᠷᠭᠦ ᠶᠢᠨ ᠣᠷᠢᠳ ᠠᠭᠤᠷᠰᠢᠨᠠ
ᠠᠩᠭ᠋ᠠᠭᠰᠠᠨ ᠳᠡᠮᠡᠭᠡᠨ ᠤ ᠣᠯᠠᠭᠠᠨ ᠬᠤᠭᠤᠯᠠᠢ ᠡᠴᠠ
ᠣᠳᠤᠭ᠎ᠠ ᠪᠣᠷᠭᠢᠯᠤᠨᠠ
ᠠᠭᠠᠭᠢᠮ᠎ᠠ ᠨᠠᠷᠠᠨ ᠤ ᠢᠯᠴᠢᠨ ᠳ᠋ᠤ
ᠭᠤᠤᠯ ᠡᠴᠠ ᠪᠠᠨ ᠡᠭᠢᠯᠡᠭᠡᠳ ᠬᠠᠳᠠᠨ᠎ᠠ
ᠭᠠᠩ ᠴᠠᠭ ᠤᠨ ᠭᠠᠷᠬᠤ ᠨᠠᠷᠠᠨ ᠴᠤ
ᠭᠠᠯ ᠰᠢᠭ ᠳᠦᠭᠡᠨᠡᠨ᠎ᠡ
ᠭᠠᠵᠠᠷ ᠤᠨ ᠭᠢᠵᠠᠭᠠᠷ ᠡᠴᠠ ᠬᠤᠷ᠎ᠠ ᠶᠢᠨ ᠴᠢᠮᠡᠭᠡ
ᠰᠤᠯᠠᠷᠠᠬᠤ ᠳᠤᠭᠤᠯᠤᠨ᠎ᠠ
ᠭᠠᠭᠴᠠ ᠳᠤᠰᠤᠯ ᠨᠢᠯᠪᠣᠰᠤ
ᠲ᠋ᠡᠮᠡᠭᠡᠨ ᠨᠢᠳᠤᠨ ᠳᠤ ᠬᠤᠷᠤᠨᠠ
ᠭᠠᠩᠳᠠᠭᠰᠠᠨ ᠳᠠᠭᠤᠨ ᠣᠰᠤ ᠳᠠᠭᠤᠳᠠᠨ
ᠲ᠋ᠡᠭ᠍ᠷᠢ ᠳᠤ ᠪᠣᠢ᠌ᠯᠠᠨ᠎ᠠ᠁᠁
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2012 ᠤᠨ ᠤ 06 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ