ᠨᠡᠪᠲᠡᠷᠡᠨ ᠤᠷᠤᠬᠤ
ᠬᠡᠦᠬᠡᠳ ᠢ ᠪᠣᠤ ᠵᠤᠪᠠᠭᠠᠶ᠎ᠠ

ᠬᠤᠪᠢ ᠳᠠᠪᠢᠯᠠᠩ ᠤᠨ ᠪᠠᠷᠢᠯᠳᠤᠯ ᠶᠢᠡᠷ ᠬᠤᠷᠸ᠎ᠠ ᠳᠤ ᠵᠠᠶᠠᠭᠠᠭᠰᠠᠨ

ᠬᠠᠭᠤᠴᠢ᠂ ᠣᠳᠤ ᠶᠢᠨ ᠡᠷᠭᠡ ᠴᠢᠯᠦᠭᠡ ᠶᠢ ᠰᠡᠳᠭᠢᠯ ᠳᠡᠭᠡᠨ ᠳᠠᠮᠠᠭᠠᠯᠠᠭᠰᠠᠨ

ᠬᠠᠭᠤᠷᠮᠠᠭ᠂ ᠵᠢᠩᠭᠢᠨᠢ ᠴᠢᠨᠠᠷ ᠢ ᠣᠬᠠᠭᠠᠠᠨ ᠳᠠᠭᠠᠨ ᠠᠭᠤᠰᠬᠠᠭᠰᠠᠨ

ᠬᠤᠵᠢᠮ ᠢᠷᠡᠭᠡᠳᠦᠢ ᠶᠢᠨ ᠡᠵᠡᠨ ᠪᠣᠯᠬᠤ ᠬᠡᠦᠬᠡᠳ ᠢ ᠪᠣᠤ ᠵᠤᠪᠠᠭᠠᠶ᠎ᠠ︕


ᠶᠠᠷᠰᠢᠭ ᠳᠦᠪᠠᠭ᠌ ᠤᠨ ᠵᠦᠷᠢᠴᠠᠯ ᠳᠤᠮᠳᠠᠭᠢ ᠡᠴᠢᠭᠡ ᠡᠭᠡ ᠡᠴᠠ

ᠶᠡᠷᠦᠮᠳᠡᠭ᠌ ᠡᠡᠰᠪᠦᠷᠢ  ᠭᠦᠭᠡᠷᠦᠭᠦᠢ ᠬᠡᠦᠬᠡᠳ ᠢ ᠪᠣᠤ ᠵᠤᠪᠠᠭᠠᠶ᠎ᠠ

ᠶᠠᠷᠢᠭᠠᠤᠨ᠂ ᠰᠡᠳᠭᠢᠭᠡᠳ ᠪᠠᠢ᠌ᠪᠠᠯ ᠠᠭᠤᠵᠢᠷᠠᠨ ᠳᠠᠢ᠌ᠪᠣᠰᠢᠷᠠᠬᠤ ᠳᠤᠯᠠ

ᠶᠠᠭᠠᠭᠢᠯ᠎ᠠ ᠭᠡᠳ ᠬᠤᠭ ᠦᠭᠡᠶ ᠴᠠᠪᠠᠷ ᠬᠡᠦᠬᠡᠳ ᠢ ᠪᠣᠤ ᠵᠤᠪᠠᠭᠠᠶ᠎ᠠ︕


ᠣᠴᠢᠷ ᠶᠠᠪᠣᠳᠠᠯ ᠤᠨ ᠳᠤᠩᠭ᠋ᠠᠮᠵᠢ ᠦᠭᠡᠶ ᠡᠴᠠ ᠡᠴᠢᠭᠡ ᠡᠭᠡ ᠬᠠᠭᠠᠴᠠᠬᠤ ᠳ᠋ᠤ

ᠣᠨᠠᠭᠠᠨ  ᠪᠠᠭ᠎ᠠ ᠶᠢᠨ ᠣᠢ ᠪᠢᠯᠢᠭ᠌ ᠲᠡᠶ ᠬᠡᠦᠬᠡᠳ ᠢ ᠪᠣᠤ ᠵᠤᠪᠠᠭᠠᠶ᠎ᠠ

ᠣᠷᠴᠢᠨ ᠠᠮᠢᠳᠤᠷᠠᠬᠤ ᠬᠠᠳᠠᠭᠤ ᠴᠢᠩᠭ᠎ᠠ ᠰᠢᠯᠭᠠᠯᠳᠠ ᠳ᠋ᠤ

ᠣᠮᠤᠭᠯᠠᠩ᠂ ᠣᠬᠠᠭᠠᠯᠢᠭ ᠶᠠᠪᠣᠭ᠎ᠠ ᠬᠡᠦᠬᠡᠳ ᠢ ᠪᠣᠤ ᠵᠤᠪᠠᠭᠠᠶ᠎ᠠ︕


ᠵᠤᠬᠢᠶᠠᠭᠴᠢ ᠶᠢᠨ ᠬᠠ‍‌ᠶᠢᠭ ᠄ ᠰᠢᠯᠢᠨ ᠭᠤᠤᠯ ᠠᠢ᠌ᠮᠠᠭ ᠤᠨ ᠪᠠᠷᠠᠭᠤᠨ ᠰᠦᠨᠢᠳ  ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ

ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2011 ᠤᠨ ᠤ 03 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ