☆ ᠰ·ᠠᠭᠤᠯᠠ
ᠬᠠᠢ᠌ᠷ᠎ᠠ ᠶᠢᠨ ᠪᠦᠱᠦᠭᠦᠷᠭᠡᠨ ᠳᠤ ᠠᠮᠢᠳᠤᠷᠠᠯ ᠵᠠᠯᠠᠭᠤᠵᠢᠨ᠎ᠠ
ᠬᠠᠨᠢᠯᠠᠵᠤ ᠶᠠᠪᠣᠭ᠎ᠠ ᠨᠠᠰᠤᠨ ᠳᠠᠭᠠᠨ
ᠬᠠᠢ᠌ᠷ᠎ᠠ ᠶᠢᠨ ᠳᠤᠬᠠᠢ ᠥᠭᠡ ᠶᠠᠷᠢᠭ᠎ᠠ ᠦᠭᠡᠶ
ᠬᠠᠯᠠᠭᠤᠨ ᠢᠨᠠᠭ ᠲᠠᠭᠠᠨ ᠰᠤᠭᠳᠤᠭᠤᠷᠠᠵᠤ ᠥᠩᠭᠡᠷᠡᠯ᠎ᠡ ᠴᠤ
ᠬᠠᠢ᠌ᠷᠠᠯᠠᠨ᠎ᠠ ᠭᠡᠵᠤ ᠰᠢᠭᠤᠳ ᠭᠡᠯᠡᠭᠡ ᠦᠭᠡᠶ
ᠬᠠᠢ᠌ᠷᠠᠳᠤ ᠴᠢᠨᠤᠭᠢ ᠪᠠᠨ ᠰᠡᠳᠭᠢᠯ ᠤᠨ ᠡᠷᠭᠡᠨ ᠳᠤ
ᠬᠠᠷᠢᠨ ᠪᠢ ᠠᠮᠤᠷᠵᠢᠵᠤ ᠶᠠᠪᠣᠯ᠎ᠠ᠃
ᠬᠠᠪᠣᠷ ᠴᠠᠭ ᠤᠨ ᠬᠠᠷ᠎ᠠ ᠰᠠᠯᠭᠢᠨ
ᠵᠤᠨ ᠤ ᠦᠶ᠎ᠡ ᠶᠢᠨ ᠠᠭᠠᠭᠢᠮ᠎ᠠ ᠬᠠᠯᠠᠭᠤᠨ
ᠨᠠᠮᠤᠷ ᠤᠨ ᠣᠯᠠᠷᠢᠯ ᠤᠨ ᠵᠢᠭᠡᠭᠦᠨ ᠵᠢᠪᠠᠷ
ᠡᠪᠦᠯ ᠤᠨ ᠬᠤᠭᠤᠴᠠᠭᠠᠨ ᠤ ᠬᠠᠭᠢᠷ ᠭᠦᠢᠳᠡᠨ ᠭᠡᠵᠤ
ᠬᠠᠢ᠌ᠷ᠎ᠠ ᠳᠠᠭᠠᠨ ᠴᠢ ᠣᠯᠠᠷᠢᠯ ᠡᠭᠡᠯᠵᠢᠯᠡᠭᠡ ᠦᠭᠡᠶ
ᠬᠠᠮᠤᠭ ᠵᠤᠷᠢᠭ ᠢ ᠮᠢᠨᠢ ᠭᠦᠪᠴᠢᠯᠡᠵᠤ ᠶᠠᠪᠣᠯ᠎ᠠ᠃
ᠨᠠᠷᠢᠬᠠᠨ ᠬᠤᠷᠤᠭᠤ ᠪᠠᠷ ᠶᠢᠡᠨ ᠠᠮᠢᠳᠤᠷᠠᠯ ᠢ ᠰᠠᠢ᠌ᠯᠵᠤ
ᠨᠠᠮᠠᠬᠠᠨ ᠠᠮᠢᠰᠬᠤᠭ᠎ᠠ ᠪᠠᠷ ᠬᠠᠴᠠᠷ ᠢ ᠢᠯᠪᠢᠨ
ᠨᠠᠳᠠᠳᠤ ᠬᠠᠢ᠌ᠷᠠᠳᠠᠢ ᠪᠠᠨ ᠨᠢᠭᠤᠯ ᠦᠭᠡᠶ ᠮᠡᠳᠡᠭᠦᠯᠦᠭ᠍ᠰᠡᠨ ᠴᠤ
ᠨᠠᠭᠠᠯᠠᠩᠬᠠᠢ᠌ᠳᠠᠨ ᠪᠠᠢ᠌ᠵᠤ ᠳᠤᠭᠠᠴᠢᠳᠠᠭ ᠦᠭᠡᠶ
ᠴᠢᠨᠤ ᠬᠠᠢ᠌ᠷ᠎ᠠ ᠶᠢᠨ ᠰᠤᠷᠭᠤᠭ ᠳᠠᠳᠠᠯᠳᠠ ᠳᠤ
ᠮᠢᠨᠤ ᠣᠢ᠌ᠯᠠᠰ ᠡᠷᠭᠦᠭ᠍ᠳᠡᠵᠤ ᠢᠷᠠᠯ᠎ᠠ᠃
ᠡᠯᠢᠭᠡᠨ ᠳᠤ ᠴᠢᠨᠢ ᠨᠠᠭᠠᠯᠳᠤᠵᠤ ᠰᠦ᠋ ᠶᠢ ᠴᠢᠨᠢ ᠭᠦᠭᠦᠭᠦ
ᠡᠩᠭᠦᠷᠡᠢ ᠭᠡᠦᠭᠡᠨ ᠢ ᠮᠢᠨᠢ ᠱᠤᠭᠯᠠᠵᠤ ᠢᠨᠢᠶᠡᠯᠭᠡᠭᠦ ᠳᠤ ᠴᠢᠨᠢ
ᠡᠨᠡᠳᠡᠭᠡ ᠡᠴᠡ ᠨᠢ ᠬᠠᠷᠠᠵᠤ ᠵᠤᠮᠠᠯᠵᠠᠬᠤ ᠳᠤ ᠮᠢᠨᠢ
ᠡᠩᠭᠡᠷ ᠶᠢᠡᠨ ᠬᠤᠷᠳᠤᠬᠠᠨ ᠳᠤᠪᠴᠢᠯᠠᠬᠤ ᠭᠡᠳᠡᠭ᠌
ᠡᠵᠡᠭ᠍ᠳᠡᠢ ᠴᠢᠨᠤᠭᠢ ᠪᠠᠨ ᠬᠠᠢ᠌ᠷ᠎ᠠ ᠶᠢᠨ ᠪᠦᠱᠦᠭᠦᠷᠭᠡᠨ ᠳᠤ
ᠡᠭ᠍ᠰᠢᠭᠦ ᠨᠠᠰᠤᠨ ᠤ ᠮᠢᠨᠢ ᠠᠮᠢᠳᠤᠷᠠᠯ ᠵᠠᠯᠠᠭᠤᠵᠢᠨ᠎ᠠ ᠡ ︕
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ