☆ ᠵᠢᠯᠠᠮ·ᠮᠠᠠᠳᠤᠪᠠᠶᠠᠷ
ᠥᠴᠦᠭᠡᠨ ᠰᠤᠷᠭᠠᠯ
ᠮᠤᠩᠭ᠋ᠤᠯ ᠤᠨ ᠶᠢᠡᠨ ᠲᠦᠯᠦᠭᠡ ᠴᠤᠭᠢᠯᠠᠬᠤ ᠵᠢᠷᠦᠭᠡ ᠲᠡᠶ ᠳᠡᠭᠡᠨ᠂ ᠪᠢ
ᠮᠤᠩᠬᠠᠭ ᠤᠳ ᠤᠨ ᠡᠮᠦᠨ᠎ᠡ ᠶᠠᠳᠠᠭᠤ ᠪᠣᠯᠪᠠᠴᠤ ᠪᠠᠶᠠᠨ
ᠮᠦᠩᠭᠦ ᠡᠴᠡ ᠪᠣᠰᠤᠳ ᠢ ᠬᠠᠷᠠᠬᠤ ᠨᠢᠳᠤ ᠦᠭᠡᠶ᠂ ᠭᠦᠮᠤᠨ
ᠮᠢᠨᠤ ᠡᠮᠦᠨ᠎ᠡ ᠪᠠᠶᠠᠨ ᠪᠣᠯᠪᠠᠴᠤ ᠶᠠᠳᠠᠭᠤ
ᠠᠪᠳᠠᠷ᠎ᠠ ᠳᠦᠭᠦᠷᠡᠩ ᠠᠯᠳᠠ ᠶᠢ ᠣᠯᠵᠤ ᠴᠢᠳᠠᠬᠤ᠂ ᠡᠷᠳᠡᠮ ᠲᠡᠶ ᠴᠤ
ᠡᠪᠳᠡᠢ ᠭᠠᠵᠠᠷ ᠨᠢ ᠪᠣᠴᠠᠭᠠᠭᠠᠤᠨ ᠵᠠᠷᠤᠵᠤ ᠴᠢᠳᠠᠬᠤ ᠦᠭᠡᠶ ᠪᠣᠯ ᠳᠡᠨᠡᠭ᠌
ᠠᠷᠢᠭᠢ ᠳᠠᠷᠠᠰᠤᠨ ᠡᠴᠡ ᠵᠠᠢ᠌ᠳᠠᠵᠤ᠂ ᠰᠤᠭᠳᠤᠭᠤ ᠡᠴᠡ ᠳᠤᠭᠤᠷᠢᠵᠤ ᠶᠠᠪᠣᠭᠰᠠᠨ ᠴᠤ
ᠡᠭᠡ ᠣᠷᠤᠨ ᠤ ᠪᠠᠨ ᠲᠦᠯᠦᠭᠡ᠂ ᠥᠭᠦᠵᠤ ᠴᠢᠳᠠᠪᠠᠯ ᠵᠤᠷᠢᠭᠳᠠᠨ
ᠡᠮᠨᠢᠭ᠌ ᠭᠦᠯᠦᠭ᠌ ᠤᠨ ᠪᠣᠯᠭᠢᠶᠠᠨ ᠳᠤ ᠬᠠᠵᠠᠢ᠌ᠵᠤ ᠥᠵᠡᠭᠡ ᠦᠭᠡᠶ᠂ ᠡᠷ᠎ᠡ
ᠡᠭᠡᠨᠡᠷ ᠶᠢᠡᠨ ᠭᠦᠡᠳᠦᠳᠭᠡᠵᠤ᠂ ᠠᠶᠤᠵᠤ ᠶᠠᠪᠣᠭᠰᠠᠨ ᠴᠤ ᠣᠬᠠᠭᠠᠠᠳᠠᠨ
ᠡᠨᠡ ᠪᠦᠭᠦᠨ ᠢ ᠥᠵᠡᠭᠡᠳ᠂ ᠡᠷ᠎ᠡ ᠨᠥᠭᠦᠷ ᠶᠢᠡᠨ ᠮᠠᠭᠤᠯᠠᠪᠠᠯ
ᠡ᠊ᠨᠳᠡᠭᠦᠤ ᠬᠠᠵᠠᠭᠠᠢ ᠪᠣᠳᠤᠯ ᠲᠡᠶ᠂ ᠡᠭᠡᠨᠡᠷ ᠤᠨ ᠣᠬᠠᠭᠠᠨ ᠪᠣᠭᠤᠨᠢ
ᠬᠤᠷᠢᠮ ᠨᠠᠢ᠌ᠷ ᠤᠨ ᠡᠳᠦᠷ᠂ ᠳᠠᠪᠠᠯ ᠪᠦᠰᠡ ᠪᠠᠷ ᠭᠤᠶᠤᠬᠤ ᠵᠢ
ᠬᠤᠷᠢᠨ ᠨᠢᠭᠡᠳᠦᠭᠡᠷ ᠵᠠᠭᠤᠨ ᠡᠴᠡ᠂ ᠵᠠᠢ᠌ᠳᠠᠵᠤ ᠪᠠᠢ᠌ᠨ᠎ᠠ ᠭᠡᠵᠤ ᠪᠣᠤ ᠪᠣᠳᠤ
ᠡᠳᠡᠩ ᠭᠤᠳᠤᠯ ᠶᠢᠡᠨ ᠨᠤᠭᠳᠤᠯᠠᠵᠤ᠂ ᠣᠪᠣᠭ᠎ᠠ ᠨᠠᠢ᠌ᠷ ᠲᠤ ᠵᠤᠳᠤᠭᠯᠠᠬᠤ
ᠡᠷ᠎ᠡ ᠶᠢᠨ ᠭᠤᠷᠪᠠᠨ ᠨᠠᠭᠠᠳᠤᠮ ᠢ ᠬᠤᠴᠤᠷᠤᠩᠭ᠋ᠤᠢ ᠭᠡᠵᠤ ᠪᠣᠤ ᠰᠠᠨᠠ
ᠱᠢᠷᠤ᠂ ᠮᠠᠨᠤᠨ ᠰᠢᠭᠢᠦᠡᠭᠡᠭᠡ ᠲᠡᠶ ᠡᠭᠡᠮᠦᠭ᠌᠂ ᠪᠦᠭᠡᠵᠢ᠂ ᠪᠠᠭᠤᠪᠴᠢ ᠵᠢ
ᠰᠢᠵᠢᠷ ᠠᠯᠳᠠ ᠪᠠᠷ ᠰᠤᠯᠢᠵᠤ᠂ ᠰᠤᠶᠤᠯ ᠶᠢᠡᠨ ᠪᠣᠤ ᠬᠤᠳᠠᠯᠳᠤ
ᠰᠢᠯᠦᠭ᠌ ᠳᠠᠭᠤᠨ ᠤ ᠠᠶᠠᠯᠭᠤᠳᠤ᠂ ᠮᠤᠷᠢᠨ ᠬᠤᠭᠤᠷ ᠤᠨ ᠴᠢᠪᠬᠠᠳᠠᠰᠤ ᠶᠢ
ᠰᠤᠭᠳᠤᠭᠤ ᠭᠦᠯᠴᠦᠭᠦᠤ ᠶᠢᠨ ᠳᠤᠮᠳᠠ᠂ ᠰᠤᠯᠤᠭᠠᠢ ᠪᠣᠤ ᠬᠤᠭᠤᠷᠳᠠ
ᠡᠵᠢ᠂ ᠠᠪᠣ ᠬᠤᠶᠠᠷ ᠴᠢᠨᠢ ᠡᠩᠭᠡ ᠪᠠᠢ᠌ᠬᠤ ᠶᠢᠨ ᠴᠠᠭ ᠳᠤ
ᠥᠩᠭᠡᠷᠡᠭ᠍ᠰᠡᠨ ᠬᠣᠢ᠌ᠨ᠎ᠠ ᠨᠢ ᠭᠡᠮᠰᠢᠯ ᠦᠭᠡᠶ᠂ ᠣᠳᠤ ᠪᠠᠷ ᠶᠢᠡᠨ ᠠᠴᠢᠯᠠ᠂
ᠢᠳᠠᠵᠤ᠂ ᠡᠮᠦᠰᠭᠦ ᠬᠤᠶᠠᠷ ᠴᠢᠨᠢ ᠡᠯᠪᠠᠭ᠌ ᠪᠠᠢ᠌ᠬᠤ ᠶᠢᠨ ᠴᠠᠭ ᠳᠤ
ᠡᠭᠡ ᠣᠷᠤᠨ ᠤ ᠪᠠᠨ ᠲᠦᠯᠦᠭᠡ᠂ ᠢᠯᠡᠭᠦᠤ ᠰᠢᠭ᠌ ᠪᠣᠳᠤ᠃
2009.8.24
ᠵᠤᠬᠢᠶᠠᠭᠴᠢ ᠶᠢᠨ ᠬᠠᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ
ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ