ᠨᠡᠪᠲᠡᠷᠡᠨ ᠤᠷᠤᠬᠤ
ᠡᠪᠦᠳᠦᠭ᠌

ᠡᠪᠦᠳᠦᠭ᠌ ᠮᠢᠨᠢ

ᠢᠷᠠᠭᠤ ᠨᠠᠢ᠌ᠷᠠᠭ ᠤᠨ ᠬᠠᠭᠠᠨ ᠤ ᠰᠢᠷᠡᠭᠡ ᠪᠠᠢ᠌ᠭᠰᠠᠨ

ᠣᠪᠠᠷ ᠶᠢᠡᠨ ᠪᠢ

ᠢᠷᠠᠭᠤ ᠨᠠᠢ᠌ᠷᠠᠭᠴᠢ ᠪᠢᠯᠠ

ᠢᠷᠠᠭᠤ ᠨᠠᠢ᠌ᠷᠠᠭ ᠤᠨ ᠪᠦᠭᠡ ᠰᠢᠷᠣᠢ᠌ᠳᠠᠭ᠎ᠠ ᠦᠭᠡᠶ ᠡᠪᠦᠳᠦᠭ᠌

ᠢᠨᠠᠭ ᠠᠮᠠᠷᠠᠭ ᠮᠢᠨᠢ ᠳᠡᠷᠡᠯᠡᠭ᠍ᠰᠡᠨ ᠬᠠᠢ᠌ᠷ᠎ᠠ ᠶᠢᠨ ᠡᠪᠦᠳᠦᠭ᠌

ᠦᠷ᠎ᠡ ᠮᠢᠨᠢ ᠲᠦᠰᠢᠵᠤ ᠪᠣᠰᠤᠭᠰᠠᠨ ᠠᠭᠤᠯᠠ

ᠦᠪᠡᠷ ᠶᠢᠡᠨ ᠪᠢ ᠬᠠᠭᠠᠨ ᠰᠢᠭ ᠵᠠᠭᠢᠷᠳᠠᠭ ᠪᠣᠭᠤᠯ ᠪᠢᠯᠠ

ᠭᠠᠵᠠᠷ ᠤᠨ ᠵᠥᠭᠡᠯᠡᠨ ᠦᠷᠦ ᠶᠢ ᠳᠠᠮᠳᠠᠷᠢᠯᠠᠨ ᠮᠥᠯᠭᠦᠭᠦ ᠳᠤ

ᠨᠡᠭᠡᠢ ᠦᠮᠦᠳᠦ ᠶᠢ ᠢᠵᠠᠯᠠᠵᠤ ᠴᠤᠬᠣᠢ᠌ᠭᠰᠠᠨ ᠡᠪᠦᠳᠦᠭ᠌

ᠭᠦᠯ ᠭᠠᠷ ᠮᠢᠨᠢ ᠭᠠᠠᠵᠤᠭ᠎ᠠ ᠳᠦᠷᠦᠭᠡ ᠳᠡᠭᠡᠨ ᠭᠦᠷᠭᠦ ᠳᠤ

ᠡᠮᠡᠭᠡᠯ ᠳᠡᠭᠡᠷ᠎ᠡ ᠮᠠᠢ᠌ᠭ ᠪᠣᠯᠤᠭᠰᠠᠨ ᠡᠪᠦᠳᠦᠭ᠌

ᠵᠠᠪᠢᠯᠠᠵᠤ ᠰᠠᠭᠤᠪᠠᠯ

ᠵᠡᠷᠭᠡᠴᠡᠭᠡ ᠬᠤᠶᠠᠷ ᠣᠷᠭᠢᠯ ᠡᠪᠦᠳᠦᠭ᠌ ᠮᠢᠨᠢ ᠪᠠᠢ᠌ᠭᠰᠠᠨ

ᠭᠦᠯ ᠶᠢᠡᠨ ᠵᠢᠭᠢᠪᠠᠯ

ᠭᠦᠪᠴᠢᠳᠤ ᠭᠤᠤᠯ ᠤᠨ ᠬᠤᠶᠠᠷ ᠡᠷᠭᠢ ᠡᠪᠦᠳᠦᠭ᠌ ᠮᠢᠨᠢ ᠪᠠᠢ᠌ᠭᠰᠠᠨ

ᠡᠯᠡᠭ᠌ ᠡᠯᠡᠭ᠌ ᠡᠪᠦᠳᠦᠭ᠌ ᠭᠠᠷᠤᠨ᠎ᠠ ᠭᠡᠭ᠍ᠴᠢ ᠶᠠᠭᠤ ᠪᠣᠢ︖

ᠡᠪᠦᠳᠦᠭ᠌ ᠶᠢᠡᠷ ᠳᠤᠮᠨᠠᠨᠠ ᠭᠡᠭ᠍ᠴᠢ ᠶᠠᠭᠤ ᠪᠣᠢ︖

ᠡᠪᠦᠳᠦᠭ᠍ᠰᠡᠨ ᠨᠢᠳᠤ ᠪᠠᠨ ᠡᠪᠦᠳᠦᠭ᠌ ᠶᠢᠡᠷ ᠶᠢᠡᠨ ᠳᠤᠮᠨᠠᠬᠤ ᠳᠤ

ᠡᠪᠦᠳᠦᠭ᠌ ᠮᠢᠨᠢ ᠭᠠᠷ ᠡᠮᠨᠡᠯᠭᠡ ᠪᠠᠢ᠌ᠵᠠᠢ

ᠪᠦᠳᠦᠷᠴᠤ ᠣᠨᠠᠬᠤ ᠳᠤ ᠡᠷᠭᠢᠷᠵᠤ ᠡᠪᠠᠳᠦᠭ᠍ᠰᠡᠨ ᠡᠪᠦᠳᠦᠭ᠌

ᠪᠣᠰᠤᠳ ᠤᠨ ᠡᠮᠦᠨ᠎ᠡ ᠰᠥᠭᠦᠷᠡᠭᠡ ᠦᠭᠡᠶ ᠡᠪᠦᠳᠦᠭ᠌

ᠪᠣᠷᠤᠭᠤ ᠣᠢ᠌ᠯᠠ ᠣᠢ᠌ᠯᠠᠤᠠᠴᠤ ᠭᠡᠮᠰᠢᠨ ᠴᠡᠴᠡᠷᠡᠭ᠍ᠰᠡᠨ ᠡᠪᠦᠳᠦᠭ᠌

ᠪᠣᠯᠭᠢ ᠪᠦᠳᠦᠭᠦᠯᠢᠭ᠌ ᠶᠠᠭᠤᠮ᠎ᠠ ᠶᠢ ᠨᠤᠭᠤ ᠳᠠᠷᠤᠭᠰᠠᠨ ᠡᠪᠦᠳᠦᠭ᠌

ᠪᠦᠳᠤᠨ ᠡᠳᠦᠷ ᠵᠠᠪᠢᠯᠠᠭ᠎ᠠ ᠳᠠᠢ᠌ᠯᠤᠯ ᠦᠭᠡᠶ

ᠰᠢᠯᠦᠭ᠌ ᠪᠢᠴᠢᠭᠦ ᠳᠤ ᠰᠢᠷᠡᠭᠡ ᠪᠣᠯᠤᠭᠰᠠᠨ ᠡᠪᠦᠳᠦᠭ᠌

ᠵᠠᠪᠢᠯᠠᠭ᠎ᠠ ᠳᠤᠮᠳᠠ ᠪᠠᠨ ᠳᠡᠯᠭᠡᠵᠤ ᠣᠩᠰᠢᠭᠰᠠᠨ

ᠨᠤᠮ ᠰᠤᠳᠤᠷ ᠤᠨ ᠮᠢᠨᠢ ᠬᠠᠪᠳᠠᠰᠤ ᠪᠣᠯᠤᠭᠰᠠᠨ ᠡᠪᠦᠳᠦᠭ᠌

ᠠᠴᠢᠶᠠᠨ ᠤ ᠭᠦᠡᠳᠤ ᠶᠢ ᠡᠷᠭᠦᠭᠦ ᠳᠤ ᠳᠦᠰᠢᠯᠴᠡᠭ᠍ᠰᠡᠨ ᠡᠪᠦᠳᠦᠭ᠌

ᠠᠭᠳᠠ ᠪᠣᠯᠭᠢᠬᠤ ᠳᠤ ᠬᠠᠪᠢᠷᠭ᠎ᠠ ᠶᠢ ᠨᠢ ᠳᠠᠰᠤ ᠬᠠᠪᠴᠢᠭᠰᠠᠨ ᠡᠪᠦᠳᠦᠭ᠌

ᠠᠪᠣᠯᠳᠤᠬᠤ ᠳᠤ ᠪᠦᠭᠡ ᠳᠤ ᠰᠢᠷᠣᠢ᠌ᠳᠠᠭᠰᠠᠨ ᠡᠪᠦᠳᠦᠭ᠌

ᠠᠯᠬᠤᠵᠤ ᠶᠠᠪᠣᠬᠤ ᠠᠯᠬᠤᠴᠠ ᠬᠤᠯᠠ ᠰᠤᠩᠭ᠋ᠠᠭᠰᠠᠨ ᠡᠪᠦᠳᠦᠭ᠌

ᠢᠷᠠᠭᠤ ᠨᠠᠢ᠌ᠷᠠᠭ ᠤᠨ ᠪᠣᠷᠬᠠᠨ ᠳᠤ

ᠢᠮᠠᠭᠳᠠ ᠰᠢᠯᠦᠭ᠌ ᠤᠨ ᠣᠩᠭ᠋ᠤᠳ ᠶᠢᠡᠨ ᠳᠠᠭᠠᠤᠠᠬᠠᠨ ᠵᠠᠯᠪᠢᠷᠠᠬᠤ ᠳᠤ

ᠪᠦᠭᠡᠷᠡᠭᠦ

ᠪᠣᠷᠤ ᠡᠪᠦᠳᠦᠭ᠌᠂ ᠬᠠᠷ᠎ᠠ ᠳᠤᠯᠤᠭᠠᠢ ᠬᠤᠶᠠᠷ ᠮᠢᠨᠢ ᠳᠠᠩᠳᠠ ᠬᠠᠪᠳᠠᠢ᠌ᠳᠠᠭ ᠶᠤᠮ

ᠵᠠᠪᠢᠯᠠᠭᠠᠳᠠᠢ ᠱᠤᠭᠤᠭᠰᠠᠨ ᠪᠣᠷᠬᠠᠨ ᠳᠤ

ᠵᠠᠯᠪᠢᠷᠠᠭᠰᠠᠤᠨ ᠲᠤ ᠠᠳᠢᠰ ᠡᠰᠡ ᠬᠠᠢ᠌ᠷᠯᠠᠭᠰᠠᠨ ᠴᠤ

ᠵᠠᠪᠢᠯᠠᠵᠤ ᠰᠠᠭᠤᠭᠠᠤᠨ ᠡᠪᠦᠳᠦᠭ᠌ ᠳᠡᠭᠡᠷ᠎ᠡ ᠪᠠᠨ ᠪᠢᠴᠢᠭ᠍ᠰᠡᠨ ᠰᠢᠯᠦᠭ᠌ ᠢ ᠮᠢᠨᠢ

ᠵᠠᠬ᠎ᠠ ᠵᠤᠬ᠎ᠠ ᠡᠴᠡ ᠨᠢ ᠠᠮᠳᠠᠷᠬᠠᠬᠤ ᠣᠩᠰᠢᠭᠴᠢᠳ ᠮᠢᠨᠤ ᠠᠮᠢᠳᠤ ᠪᠣᠷᠬᠠᠨ ᠪᠢᠯᠠ

ᠳᠠᠮᠢᠷ ᠳᠡᠩᠭᠡᠭᠡ ᠳᠠᠰᠤᠷᠠᠨ ᠣᠷᠤᠨ ᠳᠤ ᠣᠨᠠᠬᠤ ᠳᠤ

ᠳᠠᠭᠢᠷᠠᠭᠰᠠᠨ ᠡᠪᠦᠳᠦᠭ᠌ ᠳᠡᠭᠡᠷ᠎ᠡ ᠪᠠᠨ ᠰᠢᠯᠦᠭ᠌ ᠶᠢᠡᠨ ᠪᠢᠴᠢᠭ᠍ᠰᠡᠭᠡᠷ

ᠥᠭᠡᠳᠡ ᠪᠣᠯᠬᠤ ᠳᠤ

ᠡᠪᠦᠳᠦᠭ᠌ ᠮᠢᠨᠢ ᠢᠷᠠᠭᠤ ᠨᠠᠢ᠌ᠷᠠᠭ ᠤᠨ ᠪᠣᠷᠬᠠᠨ ᠤ ᠰᠢᠷᠡᠭᠡ ᠪᠣᠯᠳᠤᠭᠠᠢ︕

ᠵᠤᠬᠢᠶᠠᠭᠴᠢ᠄ ᠶ‍ᠤ᠋·ᠮᠦᠩᠬᠡ‍ᠪᠠᠭᠠᠲᠤᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 2966
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ