ᠨᠡᠪᠲᠡᠷᠡᠨ ᠤᠷᠤᠬᠤ
ᠠᠨᠢᠶ᠎ᠠ ᠰᠠᠨᠠᠬᠤ ᠨᠠᠰᠤ

ᠵᠡᠭᠡᠷ᠎ᠡ ᠶᠢᠨ ᠭᠤᠪᠢ ᠶᠢᠨ ᠭᠡᠦᠭᠡᠡᠴᠦᠳ ᠵᠢᠠᠨ

ᠵᠥᠭᠡᠷ ᠰᠠᠭᠤᠯᠭᠠᠬᠤ ᠦᠭᠡᠶ ᠠᠨᠢᠶᠠᠳᠠᠵᠤ ᠭᠦᠶ‍ᠦᠯ᠎ᠡ

ᠵᠦᠩᠵᠠ ᠲᠡᠶ ᠠᠷᠢᠭᠢ ᠪᠠᠯᠭᠤᠭᠰᠠᠨ ᠭᠢᠷᠢ ᠨᠢ

ᠵᠢᠷᠦᠭᠡ ᠪᠦᠳᠦᠭᠦᠷᠡᠵᠤ ᠳᠣᠢ᠌ᠤᠠᠴᠤ ᠪᠠᠢ᠌ᠯ᠎ᠠ


ᠰᠠᠢ᠌ᠬᠠᠨ ᠰᠠᠢ᠌ᠬᠠᠨ ᠭᠡᠦᠭᠡᠡᠴᠦᠳ ᠲᠡᠶ

ᠰᠠᠢ᠌ᠮᠰᠠᠷᠬᠠᠵᠤ ᠶᠡᠭᠡᠯ᠎ᠡ ᠳᠠᠷᠪᠠᠵᠤ ᠶᠠᠪᠣᠯ᠎ᠠ

ᠰᠠᠷᠠ ᠲᠡᠶ ᠰᠠᠷᠠ ᠦᠭᠡᠶ ᠦᠳᠡᠰᠢ ᠶᠢᠨ ᠪᠣᠯᠵᠤᠭᠠᠨ ᠳ᠋ᠤ

ᠰᠠᠨᠠᠭ᠎ᠠ ᠠᠯᠳᠠᠨ ᠬᠤᠭᠤᠰᠳᠠᠵᠤ ᠴᠤ ᠥᠩᠭᠡᠷᠡᠯ᠎ᠡ


ᠦᠪᠡᠷ ᠤᠨ ᠭᠢ ᠯᠠ ᠶᠤᠮ ᠰᠢᠭ᠌ ᠦᠵᠦᠮᠤᠴᠢᠨ ᠭᠡᠦᠭᠡᠡᠴᠦᠳ ᠢ

ᠥᠮᠴᠢᠷᠭᠡᠵᠤ ᠶᠡᠭᠡᠯ᠎ᠡ ᠬᠠᠢ᠌ᠷᠠᠯᠠᠵᠤ ᠯᠠ ᠪᠠᠢ᠌ᠯ᠎ᠠ

ᠡᠮᠦᠰᠦᠭ᠍ᠰᠡᠨ ᠪᠠᠩᠵᠢᠯ ᠨᠢ ᠳᠡᠷᠪᠠᠭᠦ ᠶᠢ ᠭᠦᠷᠳᠡᠯ᠎ᠡ

ᠦᠶᠡᠴᠤᠤᠯ ᠬᠠᠷᠠᠬᠤ ᠡᠴᠠ ᠬᠠᠷᠮᠠᠨᠠᠵᠤ ᠶᠠᠪᠣᠯ᠎ᠠ


ᠰᠡᠷᠭᠦᠯᠡᠩ ᠰᠢᠯᠢ ᠶᠢᠨ ᠭᠡᠦᠭᠡᠡᠴᠦᠳ ᠲᠡᠶ ᠪᠠᠨ

ᠰᠡᠳᠭᠢᠯ ᠤᠨ ᠥᠭᠡ ᠪᠠᠨ ᠰᠢᠪᠠᠨᠠᠯᠳᠤᠵᠤ ᠶᠠᠪᠣᠯ᠎ᠠ

ᠰᠡᠭᠦᠯᠳᠡᠵᠤ ᠢᠷᠡᠭᠡᠳ ᠵᠠᠷᠢᠮ ᠤᠳ ᠨᠢ ᠮᠤᠷᠳᠠᠬᠤᠯᠠᠷ

ᠰᠦᠨᠠᠰᠤ ᠪᠠᠨ ᠭᠡᠭᠡᠴᠢᠭ᠍ᠰᠡᠨ ᠶᠤᠮ ᠰᠢᠭ᠌ ᠭᠤᠩᠰᠣᠢ᠌ᠵᠤ ᠬᠤᠴᠤᠷᠠᠯ᠎ᠠ


ᠠᠢ᠌ᠯ ᠤᠨ ᠰᠠᠢ᠌ᠬᠠᠨ ᠭᠡᠦᠭᠡᠡᠴᠦᠳ ᠶᠢᠡᠨ

ᠠᠭᠠᠰᠢ ᠲᠡᠶ ᠣᠶᠤᠳᠠᠯ ᠲᠡᠶ ᠰᠤᠩᠭ᠋ᠤᠵᠤ ᠯᠠ ᠶᠠᠪᠣᠭᠰᠠᠨ

ᠠᠯᠢᠶᠠᠬᠠᠨ ᠵᠠᠯᠠᠭᠤ ᠨᠠᠰᠤ ᠮᠢᠨᠢ ᠢᠩᠭᠢᠵᠤ

ᠠᠨᠢᠶ᠎ᠠ ᠰᠠᠨᠠᠵᠤ ᠭᠡᠢ᠌ᠷᠭᠡᠵᠤ ᠥᠩᠭᠡᠷᠡᠯ᠎ᠡ ᠁


ᠵᠤᠬᠢᠶᠠᠭᠴᠢ ᠶᠢᠨ ᠬᠠᠶ‍ᠢᠭ ᠄ ᠪᠠᠷᠠᠭᠤᠨ ᠦᠵᠦᠮᠤᠴᠢᠨ ᠬᠤᠰᠢᠭᠤᠨ ᠤ ᠪᠠᠶᠠᠠᠬᠤᠧᠨ ᠪᠠᠯᠭᠠᠰᠤᠨ ᠤ ᠪᠠᠶᠠᠨ ᠭᠦᠪᠠᠭᠡ ᠭᠠᠴᠠᠭ᠎ᠠ

ᠵᠤᠬᠢᠶᠠᠭᠴᠢ᠄ ᠪᠠ᠊·ᠢᠯᠠᠯᠳᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2635
ᠴᠠᠭ᠄ 2010 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ