☆ ᠨᠣ᠊·ᠮᠥᠩᠭᠡᠲᠤᠭᠲᠠᠬᠤ
ᠰᠢᠯᠦᠭ᠌ ᠤᠨ ᠨᠤᠳᠤᠭ
ᠰᠠᠬᠠᠯ ᠨᠢ ᠴᠠᠢ᠌ᠭᠰᠠᠨ ᠥᠳᠡᠯᠦᠭᠡ ᠠᠪᠣ ᠶᠢᠨ ᠮᠢᠨᠢ
ᠪᠦᠭ᠍ᠳᠦᠷ ᠨᠢᠷᠤᠭᠤ ᠨᠢ ᠴᠤ ᠰᠢᠯᠦᠭ᠌᠂
ᠰᠠᠭᠠᠤᠨ ᠢ ᠳᠤᠭᠤᠯᠵᠤ᠂ ᠪᠠᠷᠭᠡ ᠶᠢ ᠢᠯᠠᠭᠰᠠᠨ
ᠡᠷ᠎ᠡ ᠶᠢᠨ ᠰᠦᠰᠦ ᠲᠡᠶ ᠰᠢᠯᠦᠭ᠌᠂
ᠰᠠᠠᠴᠢᠭ ᠨᠢ ᠪᠣᠭᠤᠷᠤᠯᠳᠤᠭᠰᠠᠨ ᠨᠠᠰᠤᠳᠠᠢ ᠡᠵᠢ ᠶᠢᠨ ᠮᠢᠨᠢ
ᠮᠠᠩᠨᠠᠢ ᠠᠳᠤᠷᠢᠶ᠎ᠠ ᠨᠢ ᠴᠤ ᠰᠢᠯᠦᠭ᠌᠂
ᠰᠠᠨᠠᠭ᠎ᠠ ᠰᠡᠳᠭᠢᠯ ᠶᠢᠡᠨ ᠴᠢᠯᠡᠭᠡᠵᠤ ᠶᠠᠪᠣᠭᠰᠠᠨ
ᠰᠦᠨ ᠴᠠᠭᠠᠨ ᠰᠢᠯᠦᠭ᠌᠂
ᠮᠠᠠᠳᠤᠬᠤ ᠨᠠᠷᠠ ᠲᠡᠶ ᠴᠠᠴᠤᠯᠠᠵᠤ ᠪᠣᠰᠤᠭᠰᠠᠨ
ᠲᠤᠩ ᠴᠠᠭᠠᠨ ᠥᠷᠦᠭᠡ
ᠮᠠᠩᠨᠤᠭ ᠳᠠᠯ᠎ᠠ ᠳᠠᠭᠠᠨ ᠳᠠᠳᠠᠯᠠᠵᠤ ᠪᠢᠴᠢᠭᠦ
ᠰᠠᠢ᠌ᠬᠠᠨ ᠮᠤᠩᠭ᠋ᠤᠯ ᠰᠢᠯᠦᠭ᠌ ᠡ᠂
ᠨᠠᠮᠢ᠋ᠢ ᠪᠠᠨ ᠭᠡᠵᠤ ᠭᠦᠰᠡᠵᠤ ᠭᠦᠯᠢᠶᠡᠭ᠍ᠰᠡᠨ
ᠮᠢᠨᠤ ᠮᠠᠯᠴᠢᠨ ᠭᠡᠦᠭᠡᠨ ᠡ᠂
ᠨᠠᠪᠴᠢᠨ ᠳᠤᠮᠳᠠ ᠪᠠᠨ ᠰᠤᠭᠳᠣᠢ᠌ᠵᠤ ᠵᠤᠭᠰᠤᠭᠰᠠᠨ
ᠨᠢᠭᠡᠨ ᠳᠠᠪᠠᠷᠢ ᠰᠢᠯᠦᠭ᠌ ᠡ᠂
ᠥᠭᠡᠳᠡᠭ᠌ ᠨᠤᠭᠤᠭᠠᠨ ᠳᠠᠯ᠎ᠠ ᠨᠢ ᠴᠤ ᠰᠢᠯᠦᠭ᠌᠂
ᠥᠭᠡᠭᠦᠨ ᠳᠠᠷᠭᠤ ᠲᠡᠶ ᠰᠥᠷᠦᠭ᠌ ᠨᠢ ᠴᠤ ᠰᠢᠯᠦᠭ᠌᠂
ᠥᠭᠡᠳᠡ ᠡᠰᠡᠷᠡᠭ᠌ ᠠᠮᠢᠳᠤᠷᠠᠯ ᠨᠢ ᠴᠤ ᠰᠢᠯᠦᠭ᠌᠂
ᠥᠯᠦᠭᠡᠢ ᠨᠤᠳᠤᠭ ᠮᠢᠨᠢ ᠴᠤ᠋ ᠊᠊᠊᠊᠊᠊᠊᠊᠊᠊᠊᠊᠊᠊᠊ ᠰᠢᠨ᠎ᠠ ᠰᠢᠯᠦᠭ᠌
ᠵᠤᠬᠢᠶᠠᠭᠴᠢ ᠶᠢᠨ ᠬᠠᠶᠢᠭ ᠄ ᠪᠠᠭᠠᠷᠢᠨ ᠪᠠᠷᠠᠭᠤᠨ ᠬᠤᠰᠢᠭᠤᠨ ᠤ ᠴᠠᠭᠠᠨ ᠮᠦᠷᠠᠨ ᠪᠠᠯᠭᠠᠰᠤ ᠶᠢᠨ ᠶᠤᠯᠤᠳᠤ ᠭᠠᠴᠠᠭ᠎ᠠ
ᠵᠤᠬᠢᠶᠠᠭᠴᠢ᠄ ᠨᠣ᠊·ᠮᠥᠩᠭᠡᠲᠤᠭᠲᠠᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2009 ᠤᠨ ᠤ 12 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ