ᠨᠡᠪᠲᠡᠷᠡᠨ ᠤᠷᠤᠬᠤ
ᠭᠠᠯᠠᠭᠤᠳ ᠤᠨ ᠴᠤᠪᠣᠭ᠎ᠠ

      ᠪᠣᠯᠠᠰᠢ  


ᠪᠣᠯᠠᠰᠢ ᠭᠦᠭᠡᠷᠡᠨ᠎ᠡ  

ᠪᠣᠯᠠᠰᠢ ᠶᠢᠨ ᠪᠠᠷ᠎ᠠ

ᠬᠠᠷᠠᠵᠤ

ᠪᠣᠷᠤᠭᠠᠨ ᠤ ᠳᠤᠰᠤᠯ

ᠳᠤᠷᠴᠢᠭᠢᠨᠠᠨ᠎ᠡ ᠁   

ᠪᠣᠳᠤᠯ ᠣᠰᠤᠷᠬᠠᠵᠤ

ᠪᠣᠷᠤᠬᠠᠨ ᠵᠢᠷᠭᠢᠨᠠᠨ᠎ᠡ︕


     ᠭᠠᠯᠠᠭᠤᠳ ᠤᠨ ᠴᠤᠪᠣᠭ᠎ᠠ  


ᠭᠠᠯᠠᠭᠤᠳ ᠤᠨ ᠴᠤᠪᠣᠭ᠎ᠠ

ᠭᠠᠵᠠᠷ ᠤᠨ ᠡᠯᠢᠭᠡ ᠣᠶᠠᠷᠠᠭᠤᠯᠤᠨ

ᠭᠠᠩᠭ᠋ᠠᠨᠠᠯᠳᠤᠨ ᠱᠤᠤᠭᠢᠯᠳᠤᠵᠤ

ᠭᠠᠳᠠᠭᠤᠷ

ᠤᠢ᠌ᠷᠠᠬᠠᠨ ᠥᠩᠭᠡᠷᠡᠨ᠎ᠡ ᠁   


ᠬᠠᠰᠢᠶᠡᠨ ᠳᠤ

ᠲᠦᠯ ᠤᠨ ᠳᠠᠭᠤ ᠳᠤᠭᠯᠠᠯᠴᠠᠵᠤ

ᠡᠵᠢ ᠶᠢᠨ ᠡᠪᠦᠷ ᠲᠤ

ᠳᠣᠢ᠌ᠭ ᠤᠨ ᠡᠭᠡᠰᠢᠭ᠌ ᠬᠠᠩᠭᠢᠨᠠᠨ᠎ᠠ  


ᠬᠠᠯᠳᠠᠷ ᠭᠦᠯᠦᠭᠡ

ᠭᠡᠭᠡᠷ᠎ᠡ ᠶᠢᠨ ᠳᠤᠮᠤᠭ ᠳᠡᠭᠦᠵᠤ

ᠬᠠᠴᠢᠷᠬᠠᠨ ᠣᠩᠰᠢᠨ᠎ᠠ᠂   

ᠬᠠᠩᠭ᠋ᠠᠢ ᠶᠢᠨ ᠨᠤᠭᠤᠭᠠᠤᠨ

ᠨᠠᠷᠠᠨ ᠤ ᠨᠠᠢ᠌ᠷᠠᠭ ᠨᠢᠳᠤᠯᠠᠵᠤ

ᠣᠬᠠᠭ᠎ᠠ ᠣᠷᠤᠨ᠎ᠠ︕ ᠁


      1987 ᠣᠨ ᠤ ᠬᠠᠪᠣᠷ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2628
ᠴᠠᠭ᠄ 2011 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ