ᠨᠡᠪᠲᠡᠷᠡᠨ ᠤᠷᠤᠬᠤ
ᠬᠤᠪᠴᠢ

ᠰᠡᠵᠢᠭ᠌ ᠤᠨ ᠭᠦᠷᠦᠰᠤᠨ ᠳᠤ ᠣᠷᠭᠤᠳᠠᠭ

ᠰᠡᠪ ᠲ᠋ᠡᠢ ᠵᠢᠷᠦᠭᠡᠨ ᠳᠤ ᠬᠠᠳᠬᠤᠳᠠᠭ

ᠰᠡᠳᠭᠢᠯ ᠤᠨ ᠊ᠭ᠍‍ᠬᠢᠷ ᠲᠤ ᠥᠡᠳᠡᠭᠡᠯᠡᠳᠡᠭ᠌

ᠰᠠᠮ ᠬᠠᠢ᠌ᠭᠰᠠᠨ ᠲᠤᠬᠢᠶᠠᠯ ᠶᠤᠮ ᠰᠠᠨ᠃

       ᠠᠳᠠᠭ᠎ᠠ ᠵᠢᠳᠦᠭᠡ ᠳᠤ ᠳᠡᠪᠳᠡᠭ᠍ᠰᠡᠨ

       ᠠᠷᠭ᠎ᠠ ᠵᠠᠯᠢ ᠪᠠᠷ ᠭᠦᠷᠪᠠᠵᠢᠭ᠍ᠰᠡᠨ

       ᠠᠰ ᠤᠨ ᠵᠤᠷᠢᠯᠭ᠎ᠠ ᠪᠠᠨ ᠪᠣᠷᠳᠤᠭᠰᠠᠨ

       ᠠᠶᠤᠯ ᠤᠨ ᠬᠠᠷ᠎ᠠ ᠭᠢᠳᠤᠭ᠎ᠠ ᠶᠤᠮ ᠰᠠᠨ᠃

ᠬᠤᠶᠠᠷ ᠲᠤᠢ᠌ᠯ ᠢ  ᠭᠢᠨᠠᠭᠰᠠᠨ

ᠬᠤᠯᠭᠢᠬᠤ ᠵᠦᠭ ᠡᠷᠢᠭ᠍ᠰᠡᠨ

ᠬᠤᠮᠤᠭ ᠰᠢᠷᠤᠢ ᠰᠠᠴᠤᠭᠰᠠᠨ

ᠬᠤᠤᠷ ᠰᠢᠷ᠎ᠠ ᠶᠢᠨ ᠭᠤᠮᠤᠮᠳᠠ

        ᠬᠠᠠᠴᠤᠢ ᠳᠠᠭᠠᠨ ᠭᠢᠳᠤᠭ᠎ᠠ ᠳᠠᠢ

        ᠬᠠᠯᠠᠮᠵᠢ ᠳᠠᠭᠠᠨ ᠬᠠᠷᠭᠢᠰ ᠨᠢᠭᠤᠭᠰᠠᠨ

        ᠬᠠᠳᠬᠤᠬᠤ ᠥᠭᠡᠨ ᠳᠡᠭᠡᠨ ᠦᠷᠭᠡᠰᠤ ᠳᠠᠢ

        ᠬᠠᠷ᠎ᠠ ᠢᠷᠸ᠎ᠠ ᠶᠢᠨ ᠦᠨᠳᠦᠰᠦ ᠶᠤᠮ ᠰᠠᠨ᠃

ᠬᠤᠶᠠᠭᠤᠯᠠ ᠪᠠᠢ᠌ᠬᠤ ᠳᠤ ᠨᠢᠭᠤᠵᠤ ᠶᠠᠷᠢᠳᠠᠭ

ᠬᠤᠷᠮᠤᠰᠳᠠ ᠶᠢᠨ ᠡᠯᠴᠢ ᠰᠢᠭ᠌ ᠵᠠᠰᠠᠵᠤ ᠶᠠᠷᠢᠳᠠᠭ

ᠭᠤᠷᠪᠠᠭᠤᠯᠠ ᠪᠠᠢ᠌ᠬᠤ ᠳᠤ ᠢᠯᠪᠢᠵᠤ ᠶᠠᠷᠢᠳᠠᠭ

ᠭᠤᠯᠭᠤᠳᠠᠭ ᠡᠷᠢᠶᠡᠨ ᠮᠤᠭᠠᠢ ᠶᠤᠮ ᠰᠠᠨ᠃

        ᠶᠠᠭᠤ ᠨᠢᠭᠡᠨ ᠳᠤ ᠭᠦᠷᠭᠦ ᠭᠡᠵᠤ

        ᠶ‍ᠸᠨᠤ ᠵᠥᠴᠦᠭᠡ ᠥᠵᠡᠭᠦ ᠭᠡᠵᠤ

        ᠢᠯᠡᠭᠦᠤ ᠳᠤᠳᠠᠭᠤ ᠶᠢ ᠨᠢ ᠳᠤᠯᠢᠶᠠᠬᠤ ᠭᠡᠵᠤ

        ᠢᠯᠪᠢᠳᠠᠵᠤ ᠣᠳᠠᠭᠰᠠᠨ ᠭᠡᠯᠡ ᠶᠤᠮ ᠰᠠᠨ᠃

ᠬᠤᠪᠴᠢ ᠭᠦᠮᠤᠨ ᠤ ᠵᠢᠷᠦᠭᠡ ᠭᠡᠳᠡᠭ᠌

ᠬᠤᠤᠷ ᠲᠤ ᠳᠡᠪᠳᠡᠭᠡᠭ᠍ᠰᠡᠨ ᠥᠭᠡᠭᠦ ᠶᠤᠮ

ᠮᠠᠳᠠᠷᠠᠳᠠᠭ ᠦᠭᠡᠶ ᠮᠢᠬᠠᠨ ᠭᠡᠯᠡ ᠨᠢ

ᠮᠠᠨᠠᠨ ᠲᠡᠶ ᠰᠦᠨᠢ ᠶᠢᠨ ᠴᠢᠨ᠋ᠸ᠎ᠠ ᠶᠤᠮ ᠡ ︕


                2011᠂   8᠂ 7


ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2672
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ