☆ ᠭᠦᠭᠡᠪᠢᠷ
《ᠠᠪᠢᠶ᠎ᠠ ᠪᠠᠷ ᠵᠠᠳᠠᠯᠬᠤ》 ᠪᠠ 《ᠥᠰᠦᠭ᠌ ᠶᠢᠡᠷ ᠵᠠᠳᠠᠯᠬᠤ》 ᠭᠡᠳᠡᠭ᠌ ᠤᠨ ᠳᠤᠬᠠᠢ
ᠣᠳᠤᠬᠠᠨ ᠤ ᠳᠤᠮᠳᠠᠳᠤ ᠪᠠᠭ᠎ᠠ ᠰᠤᠷᠭᠠᠭᠤᠯᠢ ᠶᠢᠨ ᠮᠤᠩᠭ᠋ᠤᠯ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠮᠤᠩᠭ᠋ᠤᠯ ᠭᠡᠯᠡᠨ ᠤ ᠥᠭᠡ ᠶᠢᠨ ᠪᠢᠴᠢᠯᠭᠡ ᠶᠢᠨ ᠳᠦᠷᠰᠦ ᠶᠢ 《ᠠᠪᠢᠶ᠎ᠠ ᠪᠠᠷ ᠵᠠᠳᠠᠯᠬᠤ》 ᠪᠣᠶᠤ 《ᠥᠰᠦᠭ᠌ ᠶᠢᠡᠷ ᠵᠠᠳᠠᠯᠬᠤ》 ᠭᠡᠰᠡᠨ ᠪᠣᠯᠪᠠᠰᠤᠷᠠᠯ ᠪᠠᠢ᠌ᠳᠠᠭ᠃ ᠵᠢᠱᠢᠶᠠᠯᠠᠪᠠᠯ 《ᠳᠠᠳᠭᠠᠯ》 《ᠡᠭᠦᠯᠡ》 ᠭᠡᠰᠡᠨ ᠬᠤᠶᠠᠷ ᠥᠭᠡ ᠶᠢᠨ ᠪᠢᠴᠢᠯᠭᠡ ᠶᠢ 《ᠳᠠᠷᠠᠭᠠᠭᠢ ᠥᠭᠡᠰ ᠢ ᠠᠪᠢᠶ᠎ᠠ ᠪᠠᠷ ᠵᠠᠳᠠᠯ》 ᠭᠡᠭᠦ ᠪᠣᠶᠤ 《ᠳᠠᠷᠠᠭᠠᠭᠢ ᠥᠭᠡᠰ ᠢ ᠥᠰᠦᠭ᠌ ᠶᠢᠡᠷ ᠵᠠᠳᠠᠯ》 ᠭᠡᠳ 《ᠳ᠂ ᠊ᠠ᠊᠂ ᠊ᠳ᠊᠂ ᠊ᠭ᠋᠊᠂ ᠊ᠠ᠊᠂ ᠊ᠯ》 《ᠡ᠊᠂ ᠊ᠭ᠍᠊᠂ ᠊ᠦ᠊᠂ ᠊ᠯ᠂ ᠊ᠡ》 ᠭᠡᠵᠤ ᠵᠠᠳᠠᠯᠤᠭᠤᠯᠤᠭᠰᠠᠨ ᠶᠢᠡᠨ ᠵᠦᠪ ᠵᠠᠳᠠᠯᠤᠯ᠎ᠠ ᠭᠡᠵᠤ ᠦᠵᠡᠵᠤ ᠥᠨᠡᠯᠡᠳᠡᠭ᠌᠃
ᠮᠢᠨᠤ ᠬᠤᠪᠢ ᠭᠦᠮᠤᠨ ᠤ ᠥᠵᠡᠭᠦ ᠪᠠᠷ ᠡᠨᠡ ᠭᠦ ᠳᠠᠢ᠌ᠯᠪᠣᠷᠢ ᠳᠤ ᠶᠠᠮᠠᠷ ᠴᠤ ᠣᠨᠤᠯ᠂ ᠡᠷᠳᠡᠮ ᠰᠢᠡᠵᠢᠯᠡᠭᠡᠨ ᠤ ᠦᠨᠳᠦᠰᠦᠯᠠᠯ ᠪᠠ ᠭᠡᠷᠡᠭᠯᠡᠭᠡᠨ ᠤ ᠪᠣᠳᠠᠳᠤ ᠦᠨ᠎ᠡ ᠥᠷᠳᠡᠭ᠌᠂ ᠠᠴᠢ ᠬᠤᠯᠪᠣᠭᠳᠠᠯ ᠪᠠᠢ᠌ᠬᠤ ᠦᠭᠡᠶ ᠮᠥᠷᠳᠡᠭᠡᠨ ᠨᠠᠷᠢᠨ ᠰᠢᠠᠵᠢᠪᠠᠯ 《ᠡᠡᠪᠢᠶᠡ》 《ᠥᠰᠦᠭ᠌》 ᠭᠡᠯᠡ ᠰᠢᠡᠵᠢᠯᠡᠭᠡᠨ ᠪᠣᠯᠤᠨ ᠭᠢᠴᠢᠶᠠᠯ ᠭᠦᠮᠦᠵᠢᠯ ᠤᠨ ᠭᠡᠯᠡᠨ ᠵᠦᠢ᠌ ᠶᠢᠨ ᠳᠤᠳᠤᠷᠬᠠᠢ ᠢᠯᠭᠠᠭ᠎ᠠ ᠲᠡᠶ ᠡᠷᠡᠰ ᠣᠠᠳᠤᠤ ᠨᠠᠷᠠ ᠳᠤᠮᠢᠶ᠎ᠠ᠂ ᠣᠬᠠᠭᠳᠠᠬᠤᠨ ᠢ ᠬᠤᠤᠠᠬᠤᠨ ᠪᠣᠳᠤᠯᠢᠶᠠᠠᠳᠤᠭᠤᠯᠤᠭᠰᠠᠨ ᠳᠠᠰᠢᠶ᠎ᠠ ᠭᠡᠯᠡᠯᠭᠡ ᠪᠣᠷᠤᠭᠤ ᠳᠠᠢ᠌ᠯᠪᠣᠷᠢ ᠪᠣᠯᠬᠤ ᠶᠤᠮ᠃ ᠡᠭᠦᠨ ᠤ ᠳ᠋ᠦ᠋ᠩ ᠳᠤ ᠰᠤᠷᠤᠭᠴᠢᠳ ᠤᠨ 《ᠵᠦᠪ ᠵᠠᠳᠠᠯᠤᠭᠰᠠᠨ》 ᠭᠡᠵᠤ ᠥᠨᠡᠯᠡᠭ᠍ᠳᠡᠭ᠍ᠰᠡᠨ ᠳᠠᠷᠠ ᠭᠦ ᠵᠠᠳᠠᠯᠤᠯᠳᠠ ᠨᠢ ᠰᠤᠬᠤᠷ ᠪᠠᠯᠠᠢ ᠠᠵᠢᠯᠯᠠᠭ᠎ᠠ ᠳᠠᠳᠤᠢ ᠪᠣᠯᠬᠤ ᠶᠤᠮ᠃ ᠶᠠᠭᠠᠭᠢᠭᠠᠤᠨ ᠭᠡᠪᠠᠯ᠄
ᠡᠩ ᠳᠡᠷᠢᠭᠦᠨ ᠳᠤ ᠬᠠᠮᠤᠭ ᠤᠨ ᠵᠠᠩᠭᠢᠯᠭ᠎ᠠ ᠶᠢᠨ ᠬᠤᠶᠠᠷ ᠥᠭᠡ 《ᠠᠪᠢᠶ᠎ᠠ》 ᠪᠣᠯᠤᠨ 《ᠥᠰᠦᠭ᠌》 ᠡᠴᠡ ᠡᠭᠢᠯᠡᠵᠤ ᠶᠠᠷᠢᠶ᠎ᠠ᠃ ᠠᠪᠢᠶ᠎ᠠ ᠭᠡᠳᠡᠭ᠌ ᠪᠣᠯ ᠬᠠᠷᠢᠯᠴᠠᠬᠤ᠂ ᠰᠠᠨᠠᠭ᠎ᠠ ᠪᠠᠨ ᠨᠡᠪᠳᠡᠷᠡᠯᠴᠡᠭᠦ ᠭᠡᠷᠡᠭ᠍ᠴᠡᠭᠡᠨ ᠤ ᠱᠠᠭᠠᠷᠳᠠᠯᠭ᠎ᠠ ᠪᠠᠷ ᠭᠦᠮᠤᠨ ᠲᠦᠷᠦᠯᠭᠢᠳᠠᠨ ᠤ ᠥᠭᠦᠯᠡᠭᠦ ᠡᠷᠭᠡᠳᠡᠨ ᠡᠴᠡ ᠭᠠᠷᠤᠭᠰᠠᠨ ᠣᠤᠠᠬ᠎ᠠ ᠪᠦᠭᠦᠢ ᠶᠠᠩᠵᠤ ᠪᠦᠷᠢ ᠶᠢᠨ ᠳᠠᠭᠤᠨ ᠴᠢᠮᠡᠭᠡ ᠶᠢ ᠭᠡᠯᠡᠨ᠎ᠡ᠃ ᠳᠠᠷᠠ ᠨᠢ ᠨᠥᠭᠦᠭᠡ ᠡᠳᠡᠭᠡᠳ ᠤᠨ ᠰᠤᠨᠤᠷ ᠤᠨ ᠰᠠᠷᠠᠯ ᠶᠢᠡᠷ ᠳᠠᠮᠵᠢᠨ ᠳᠠᠷᠢᠭᠢᠨ ᠳᠤ ᠨᠢ ᠳᠤᠰᠬᠠᠭᠳᠠᠵᠤ ᠬᠠᠷᠢᠯᠴᠠᠭᠠᠨ ᠤ ᠡᠭᠦᠷᠭᠡ ᠴᠢᠳᠠᠪᠭᠢ ᠶᠢ ᠪᠠᠶᠡᠯᠡᠭᠦᠯᠭᠦ ᠵᠤᠷᠢᠯᠭ᠎ᠠ ᠳᠤ ᠭᠦᠷᠳᠡᠭ᠌᠃ ᠭᠡᠭᠦ ᠳᠤ ᠪᠠᠨ ᠳᠠᠷᠠ ᠨᠢ ᠪᠣᠰᠤᠳ ᠪᠣᠳᠠᠰ ᠤᠨ ᠶᠠᠩᠵᠤ ᠪᠦᠷᠢ ᠶᠢᠨ ᠳᠠᠭᠤᠨ ᠴᠢᠮᠡᠭᠡ ᠲᠡᠶ ᠠᠳᠠᠯᠢ ᠳᠠᠯ᠎ᠠ ᠲᠡᠶ ᠮᠥᠷᠳᠡᠭᠡᠨ ᠢᠯᠭᠠᠭ᠎ᠠ ᠲᠡᠶ ᠪᠠᠢ᠌ᠳᠠᠭ᠃ ᠭᠡᠯᠡᠨ ᠤ ᠠᠪᠢᠶ᠎ᠠ ᠨᠢ ᠠᠭᠤᠰᠭᠢᠨ ᠡᠴᠡ ᠭᠠᠷᠬᠤ ᠳᠤ ᠪᠠᠨ ᠥᠭᠦᠯᠡᠭᠦ ᠡᠷᠭᠡᠳᠡᠨ ᠤ ᠬᠠᠷᠰᠢ ᠰᠠᠭᠠᠤᠨ ᠲᠤ ᠣᠴᠠᠷᠠᠵᠤ ᠥᠭᠦᠯᠡᠭᠦ ᠡᠷᠭᠡᠳᠡᠨ ᠤ ᠠᠳᠠᠯᠢ ᠪᠣᠰᠤ ᠬᠠᠰᠢᠯᠳᠠ ᠰᠢᠬᠠᠯᠳᠠ᠂ ᠳᠤᠷᠭᠢᠯᠳᠠ ᠶᠢᠨ ᠣᠢ᠌ᠯᠠᠳᠤᠯ ᠶᠢᠡᠷ ᠳᠠᠭᠤᠨ ᠴᠢᠮᠡᠭᠡ ᠭᠠᠷᠴᠤ᠂ ᠳᠠᠷᠠ ᠭᠦ ᠳᠠᠭᠤᠨ ᠳᠤᠯᠭᠢᠶᠠᠨ ᠨᠢ ᠳᠠᠭᠢᠨ ᠭᠦᠮᠤᠨ ᠤ ᠰᠤᠨᠤᠷ ᠤᠨ ᠡᠷᠭᠡᠳᠡᠨ ᠢ ᠳᠤᠷᠭᠢᠭᠤᠯᠤᠨ 《ᠳᠠᠭᠤᠨ ᠴᠢᠮᠡᠭᠡᠨ》 ᠭᠡᠵᠤ ᠮᠡᠳᠡᠷᠭ᠍ᠳᠡᠭᠦ (ᠡᠭᠦᠨ ᠢ ᠨᠢ ᠭᠡᠯᠡ ᠰᠢᠠᠵᠢᠯᠠᠯ ᠤᠨ ᠨᠠᠷᠠ ᠳᠤᠮᠢᠶ᠎ᠠ ᠪᠠᠷ ᠭᠡᠯᠡᠪᠠᠯ ᠠᠪᠢᠶᠠᠨ ᠤ 《ᠹᠢᠽᠢᠺ ᠤᠨ ᠰᠢᠠᠵᠢ》 ᠭᠡᠳᠡᠭ᠌) ᠣᠠᠴᠠᠯᠢᠭ ᠤᠨ ᠳᠠᠯ᠎ᠠ ᠪᠠᠷ ᠪᠣᠰᠤᠳ ᠪᠣᠳᠠᠰ ᠤᠨ ᠳᠠᠭᠤᠨ ᠴᠢᠮᠡᠭᠡ ᠲᠡᠶ ᠠᠳᠠᠯᠢ ᠪᠠᠢ᠌ᠳᠠᠭ᠃ ᠭᠡᠳᠡᠯ᠎ᠡ ᠭᠡᠯᠡᠨ ᠤ ᠠᠪᠢᠶ᠎ᠠ ᠪᠣᠯ ᠭᠦᠮᠤᠨ ᠲᠦᠷᠦᠯᠭᠢᠳᠠᠨ ᠤ ᠬᠠᠷᠢᠯᠴᠠᠭᠠᠨ ᠤ ᠡᠭᠦᠷᠭᠡ ᠴᠢᠳᠠᠪᠭᠢ ᠶᠢ ᠭᠦᠢᠴᠡᠳᠭᠡᠭᠦ᠂ ᠭᠦᠮᠤᠨ ᠲᠦᠷᠦᠯᠭᠢᠳᠠᠨ ᠤ ᠪᠠᠶᠠᠴᠢ ᠰᠡᠳᠬᠢᠯᠭᠡ ᠶᠢ ᠢᠯᠡᠳᠭᠡᠭᠦ᠂ ᠵᠤᠷᠢᠯᠭ᠎ᠠ ᠲᠡᠶ ᠪᠠᠷ 《ᠭᠡᠯᠡᠵᠤ》 ᠭᠠᠷᠭᠠᠵᠤ ᠪᠠᠢ᠌ᠭ᠎ᠠ (ᠡᠭᠦᠨ ᠢ ᠨᠢ ᠭᠡᠯᠡ ᠰᠢᠨᠵᠢᠯᠠᠯ ᠤᠨ ᠨᠠᠷᠠ ᠳᠤᠮᠢᠶ᠎ᠠ ᠪᠠᠷ ᠭᠡᠯᠡᠪᠠᠯ ᠠᠪᠢᠶᠠᠨ ᠤ 《ᠨᠡᠢ᠌ᠭᠡᠮ ᠤᠨ ᠰᠢᠠᠵᠢ》 ᠭᠡᠳᠡᠭ᠌) ᠳᠠᠯ᠎ᠠ ᠪᠠᠷ ᠡᠷᠡᠰ ᠢᠯᠭᠠᠭ᠎ᠠ ᠲᠡᠶ ᠶᠤᠮ᠃ ᠡᠢ᠌ᠮᠤ ᠡᠴᠡ ᠬᠠᠷᠢᠯᠴᠠᠭᠠᠨ ᠤ ᠬᠠᠮᠤᠭ ᠤᠨ ᠪᠠᠭ᠎ᠠ ᠦᠨᠳᠦᠰᠦᠨ ᠨᠢᠭᠡᠴᠢ ᠪᠣᠯᠵᠤ ᠪᠠᠢ᠌ᠭ᠎ᠠ ᠥᠭᠡ ᠶᠢ ᠪᠦᠷᠢᠯᠳᠦᠭᠦᠯᠦᠭ᠍ᠰᠡᠨ ᠠᠪᠢᠶ᠎ᠠ ᠶᠢ ᠵᠠᠳᠠᠯᠵᠤ ᠣᠢ᠌ᠯᠠᠭᠠᠬᠤ ᠨᠢ ᠪᠣᠰᠤᠳ ᠳᠠᠭᠤᠨ ᠴᠢᠮᠡᠭᠡᠨ ᠳᠤ ᠹᠢᠽᠢᠺ ᠤᠨ ᠵᠠᠳᠠᠯᠤᠯᠳᠠ ᠭᠢᠭᠦ ᠲᠡᠶ ᠠᠳᠠᠯᠢ ᠦᠭᠡᠶ ᠪᠠᠢ᠌ᠳᠠᠭ ᠳᠤᠯᠠ ᠨᠢᠭᠡ ᠥᠭᠡ ᠶᠢ ᠠᠪᠢᠶ᠎ᠠ ᠪᠠᠷ ᠵᠠᠳᠠᠯᠤᠨ᠎ᠠ ᠭᠡᠳᠡᠭ᠌ ᠪᠣᠯ ᠮᠠᠰᠢ ᠨᠠᠷᠢᠨ ᠪᠣᠳᠤᠯᠢᠶᠠᠨ ᠲᠡᠶ ᠡᠷᠳᠡᠮ ᠰᠢᠡᠵᠢᠯᠡᠭᠡᠨ ᠤ ᠭᠦᠨ ᠳᠠᠪᠬᠤᠷᠭ᠎ᠠ ᠶᠢᠨ ᠠᠰᠠᠭᠤᠳᠠᠯ ᠪᠣᠯᠬᠤ ᠶᠤᠮ᠃ ᠮᠢᠨᠤ ᠪᠣᠳᠤᠬᠤ ᠪᠠᠷ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠵᠠᠪᠠᠯ ᠵᠦᠪ ᠵᠠᠳᠠᠯᠵᠤ ᠪᠠᠶᠡᠯᠡᠭᠦᠯᠵᠤ ᠳᠡᠢ᠌ᠯᠭᠦ ᠳᠠᠢ᠌ᠮᠤ ᠭᠢᠯᠪᠠᠷᠬᠠᠨ 《ᠰᠠᠳᠤᠪ》 ᠣᠭᠳᠤ ᠪᠢᠰᠢ ᠪᠠᠢ᠌ᠨ᠎ᠠ᠃
ᠥᠰᠦᠭ᠌ ᠭᠡᠳᠡᠭ᠌ ᠨᠢ ᠳᠠᠷᠠ ᠭᠦ ᠶᠠᠩᠵᠤ ᠪᠦᠷᠢ ᠶᠢᠨ ᠠᠪᠢᠶ᠎ᠠ ᠳᠤ ᠪᠠᠨ ᠣᠨᠤᠭᠠᠭᠰᠠᠨ ᠳᠤᠰᠬᠠᠢ ᠳᠡᠮᠳᠡᠭ᠌ ᠵᠢᠷᠤᠯᠭ᠎ᠠ ᠨᠤᠭᠤᠳ ᠪᠤᠯᠤᠨ᠎ᠠ᠃ ᠥᠰᠦᠭ᠌ ᠪᠣᠯ ᠬᠠᠷᠠᠭᠠᠨ ᠰᠠᠷᠠᠯ ᠶᠢᠡᠷ ᠳᠠᠮᠵᠢᠨ ᠳᠠᠷᠢᠭᠢᠨ ᠳᠤ ᠳᠤᠰᠬᠠᠭᠳᠠᠵᠤ ᠬᠠᠷᠢᠯᠴᠠᠭᠠᠨ ᠤ ᠡᠭᠦᠷᠭᠡ ᠴᠢᠳᠠᠪᠭᠢ ᠶᠢ ᠳᠠᠮ ᠶᠢᠡᠷ ᠪᠠᠶᠡᠯᠡᠭᠦᠯᠭᠦ ᠠᠴᠢᠶᠠᠯᠠᠪᠣᠷᠢ ᠶᠢᠨ ᠣᠢ᠌ᠯᠠᠳᠤᠯ ᠭᠠᠷᠭᠠᠵᠤ ᠪᠠᠢ᠌ᠭ᠎ᠠ ᠶᠤᠮ᠃ ᠠᠪᠢᠶ᠎ᠠ ᠶᠢ ᠭᠡᠯᠡ ᠪᠠᠷ ᠢᠯᠡᠷᠡᠭᠦᠯᠳᠡᠭ᠌᠂ ᠥᠰᠦᠭ᠌ ᠢ ᠭᠠᠷ (ᠪᠢᠷ) ᠶᠢᠡᠷ ᠢᠯᠡᠷᠡᠭᠦᠯᠳᠡᠭ᠌᠃ ᠠᠪᠢᠶ᠎ᠠ ᠨᠢ ᠰᠤᠨᠤᠷ ᠤᠨ ᠰᠠᠷᠠᠯ ᠶᠢᠡᠷ ᠳᠠᠮᠵᠢᠨ ᠳᠠᠷᠢᠭᠢᠨ ᠳᠤ ᠳᠤᠰᠬᠠᠭᠳᠠᠵᠤ ᠪᠠᠢ᠌ᠬᠤ ᠳᠤ᠂ ᠥᠰᠦᠭ᠌ ᠨᠢ ᠬᠠᠷᠠᠭᠠᠨ ᠰᠠᠷᠠᠯ ᠶᠢᠡᠷ ᠳᠠᠮᠵᠢᠨ ᠳᠠᠷᠢᠭᠢᠨ ᠳᠤ ᠳᠤᠰᠬᠠᠭᠳᠠᠳᠠᠭ᠃ ᠠᠪᠢᠶ᠎ᠠ ᠪᠣᠯᠤᠨ ᠥᠰᠦᠭ᠌ ᠨᠢ ᠡᠢ᠌ᠮᠦᠷᠭᠦ ᠰᠢᠭᠤᠳ ᠬᠠᠷᠢᠴᠠᠭ᠎ᠠ ᠲᠡᠶ ᠮᠥᠷᠳᠡᠭᠡᠨ 《ᠳᠡᠭ᠍ᠷᠢ ᠭᠠᠵᠠᠷ ᠤᠨ ᠵᠦᠷᠢᠶ᠎ᠠ》 ᠲᠡᠶ ᠡᠷᠡᠰ ᠣᠠᠳᠤᠤ ᠬᠤᠶᠠᠷ ᠥᠭᠡᠷ᠎ᠡ ᠥᠭᠡᠷ᠎ᠡ ᠶᠠᠭᠤᠮ᠎ᠠ ᠪᠠᠢ᠌ᠭ᠎ᠠ᠃ ᠳᠠᠢ᠌ᠮᠤ ᠪᠠᠢ᠌ᠳᠠᠯ᠎ᠠ ᠣᠳᠤᠬᠠᠨ ᠤ ᠮᠠᠨ ᠤ ᠭᠢᠴᠢᠶᠠᠯ ᠭᠦᠮᠦᠵᠢᠯ ᠵᠢᠭᠠᠨ ᠰᠤᠷᠭᠠᠯᠳᠠ ᠳᠤ ᠨᠢᠭᠡ ᠯᠠ ᠥᠭᠡ ᠶᠢᠨ ᠪᠢᠴᠢᠯᠭᠡ ᠶᠢ ᠨᠢᠭᠡ ᠯᠠ ᠶᠠᠩᠵᠤ ᠪᠠᠷ ᠵᠠᠳᠠᠯᠤᠭᠰᠠᠨ ᠢ 《ᠠᠪᠢᠶ᠎ᠠ ᠪᠠᠷ ᠵᠦᠪ ᠵᠠᠳᠠᠯᠤᠭᠰᠠᠨ》 ᠮᠥᠷᠳᠡᠭᠡᠨ ᠪᠠᠰᠠ 《ᠥᠰᠦᠭ᠌ ᠶᠢᠡᠷ ᠵᠦᠪ ᠵᠠᠳᠠᠯᠤᠭᠰᠠᠨ》 ᠭᠡᠵᠤ ᠥᠵᠡᠳᠡᠭ᠌ ᠨᠢ ᠶᠠᠮᠠᠷ ᠴᠤ ᠣᠨᠤᠯ ᠤᠨ ᠦᠨᠳᠦᠰᠦᠯᠠᠯ ᠦᠭᠡᠶ ᠭᠡᠳᠡᠭ᠌ ᠨᠢ ᠣᠳᠤ ᠳᠤᠳᠤᠷᠬᠠᠢ ᠪᠣᠯᠤᠭᠰᠠᠨ ᠪᠢᠰᠢ ᠦᠦ︖ ᠣᠨᠤᠯ ᠤᠨ ᠬᠤᠪᠢ ᠳᠤ ᠠᠪᠢᠶ᠎ᠠ ᠥᠰᠦᠭ᠌ ᠨᠢ ᠪᠦᠷᠢᠮᠦᠰᠤᠨ ᠳᠤᠭᠢᠷᠠᠯᠴᠠᠬᠤ ᠭᠡᠯᠡᠨ ᠳᠤ ᠪᠣᠯ ᠳᠠᠢ᠌ᠮᠤ ᠪᠣᠯᠤᠯᠴᠠᠭ᠎ᠠ ᠪᠠᠢ᠌ᠵᠤ ᠪᠣᠯᠬᠤ ᠪᠣᠯᠪᠠᠴᠤ ᠠᠪᠢᠶ᠎ᠠ ᠥᠰᠦᠭ᠌ ᠨᠢ ᠪᠦᠷᠢᠮᠦᠰᠤᠨ ᠰᠢᠭᠤᠳ ᠳᠤᠭᠢᠷᠠᠯᠴᠠᠬᠤ ᠭᠡᠯᠡ ᠮᠠᠰᠢ ᠴᠥᠭᠡᠨ ᠪᠠᠢ᠌ᠬᠤ ᠳ᠋ᠠ᠃ ᠮᠠᠨ ᠤ ᠮᠤᠩᠭ᠋ᠤᠯ ᠭᠡᠯᠡ ᠪᠣᠯ ᠵᠠᠯᠭᠠᠮᠠᠯ ᠪᠦᠳᠦᠴᠡ ᠲᠡᠶ ᠠᠪᠢᠶᠠᠨ ᠤ ᠭᠡᠯᠡ ᠪᠠᠢ᠌ᠵᠤ ᠣᠷᠳᠤ ᠣᠳᠠᠭᠠᠨ ᠬᠤᠭᠤᠴᠠᠭᠠᠨ ᠤ ᠭᠦᠭ᠍ᠵᠢᠯ ᠤᠨ ᠶᠠᠪᠣᠴᠠ ᠳᠤ ᠪᠠᠨ ᠪᠢᠴᠢᠯᠭᠡ ᠳᠠᠭᠤᠳᠠᠯᠭ᠎ᠠ ᠶᠢᠨ ᠵᠦᠷᠢᠶ᠎ᠠ ᠨᠢ ᠮᠠᠰᠢ ᠶᠡᠭᠡ ᠪᠣᠯᠤᠭᠰᠠᠨ ᠪᠠᠢ᠌ᠳᠠᠭ ᠶᠤᠮ᠃ ᠮᠤᠩᠭ᠋ᠤᠯ ᠭᠡᠯᠡᠨ ᠤ 《ᠠᠭᠤᠯᠠ》 ᠭᠡᠳᠡᠭ᠌ ᠥᠭᠡ ᠶᠢᠨ ᠪᠢᠴᠢᠯᠭᠡ ᠳᠤ《ᠠ᠊ ᠊ᠭ᠋᠊ ᠊ᠤ᠊ ᠊ᠯ᠊ ᠊ᠠ》 ᠭᠡᠰᠡᠨ ᠳᠠᠪᠤᠨ ᠥᠰᠦᠭ᠌ ᠪᠠᠢ᠌ᠪᠠᠴᠤ ᠪᠣᠳᠠᠳᠠᠢ ᠣᠩᠰᠢᠯᠭ᠎ᠠ ᠳᠤ 《ᠣ (5) ᠯ (vl)》 ᠭᠡᠭᠦ ᠬᠤᠶᠠᠷᠬᠠᠨ ᠠᠪᠢᠶ᠎ᠠ ᠨᠢ ᠳᠤᠳᠤᠷᠬᠠᠢ ᠭᠡᠯᠡᠭ᠍ᠳᠡᠨ᠎ᠡ᠃ ᠡᠭᠦᠨ ᠢ ᠠᠪᠢᠶ᠎ᠠ ᠪᠠᠷ ᠵᠠᠳᠠᠯᠪᠠᠯ᠄
ᠠᠭᠤᠯᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠣ (vl)᠂ ᠊ᠯ (L) ᠪᠣᠯᠤᠨ᠎ᠠ᠃ ᠬᠠᠷᠢᠨ ᠥᠰᠦᠭ᠌ ᠶᠢᠡᠷ ᠵᠠᠳᠠᠯᠪᠠᠯ᠄
ᠠᠭᠤᠯᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ 1. ᠠ᠊᠂ ᠊ᠭ᠋᠊᠂ ᠊ᠤ᠊᠂ ᠊ᠯ᠊᠂ ᠊ᠠ 2.ᠠᠭᠤ᠊ ᠠ᠊ ᠊᠊᠊᠊᠊᠊᠊᠊᠊᠊᠊᠊᠊᠊᠊ ᠊ᠭᠤ᠊ (ᠭ ᠊᠊᠊᠊᠊᠊᠊᠊᠊᠊᠊᠊᠊᠊᠊ ᠊ᠤ᠊) ᠂ ᠊ᠯ᠊᠂ ᠊ᠠ ᠪᠣᠯᠤᠨ᠎ᠠ᠃
ᠵᠢᠩᠭᠢᠨᠢ ᠭᠡᠯᠡ ᠰᠢᠠᠵᠢᠯᠠᠯ ᠤᠨ ᠡᠭᠦᠳᠡᠨ ᠡᠴᠡ ᠶᠠᠷᠢᠪᠠᠯ ᠮᠢᠨᠤ ᠥᠵᠡᠭᠦ ᠪᠠᠷ᠂ ᠨᠢᠭᠡ ᠥᠭᠡ (ᠪᠣᠶᠤ ᠳᠠᠷᠠ ᠥᠭᠡ ᠶᠢᠨ ᠪᠢᠴᠢᠯᠭᠡ) ᠶᠢ ᠠᠪᠢᠶ᠎ᠠ ᠪᠠᠷ ᠵᠠᠳᠠᠯᠤᠨ᠎ᠠ ᠭᠡᠪᠠᠯ ᠳᠠᠷᠠ ᠥᠭᠡ ᠶᠢ ᠭᠡᠯᠡᠭᠦ ᠳᠤ ᠶᠠᠮᠠᠷ ᠶᠠᠮᠠᠷ ᠠᠪᠢᠶ᠎ᠠ ᠭᠡᠯᠡᠭ᠍ᠳᠡᠵᠤ ᠪᠠᠢ᠌ᠬᠤ᠂ ᠨᠠᠩ ᠨᠠᠷᠢᠨ ᠢᠯᠭᠠᠪᠠᠯ ᠳᠡᠷᠡ ᠥᠭᠡ ᠶᠢ ᠭᠡᠯᠡᠭᠦ ᠳᠤ ᠶᠠᠮᠠᠷ ᠶᠠᠮᠠᠷ ᠠᠪᠢᠶ᠎ᠠ ᠶᠠᠭᠠᠭᠢᠵᠤ ᠠᠪᠢᠶᠠᠯᠠᠭᠳᠠᠵᠤ ᠪᠠᠢ᠌ᠬᠤ ᠶᠢ ᠨᠢᠭᠡᠳ ᠨᠢᠭᠡ ᠪᠠᠷ ᠢᠯᠭᠠᠷᠠᠭᠤᠯᠤᠨ ᠳᠤᠳᠤᠷᠠᠭᠤᠯᠬᠤ ᠶᠠᠪᠣᠳᠠᠯ ᠪᠣᠯᠤᠨ᠎ᠠ᠃ ᠭᠡᠷᠪᠡ ᠨᠢᠭᠡ ᠥᠭᠡ ᠶᠢᠨ ᠪᠢᠴᠢᠯᠭᠡ ᠶᠢ ᠥᠰᠦᠭ᠌ ᠶᠢᠡᠷ ᠵᠠᠳᠠᠯᠤᠨ᠎ᠠ ᠭᠡᠪᠠᠯ ᠳᠠᠷᠠ ᠨᠢᠭᠡ ᠥᠭᠡ ᠶᠢ ᠥᠰᠦᠭ᠌ ᠪᠢᠴᠢᠭ᠌ ᠶᠢᠡᠷ ᠪᠢᠴᠢᠵᠤ ᠢᠯᠡᠳᠭᠡᠭᠦ ᠳᠤ ᠶᠠᠮᠠᠷ ᠭᠡᠳᠤᠨ ᠥᠰᠦᠭ᠌ ᠢ ᠶᠠᠮᠠᠷ ᠵᠢᠮ᠎ᠠ ᠶᠤᠰᠤ ᠪᠠᠷ ᠨᠡᠢ᠌ᠯᠡᠭᠦᠯᠵᠤ ᠭᠡᠷᠭᠢᠨ ᠪᠢᠴᠢᠭ᠍ᠰᠡᠨ ᠪᠣᠯᠬᠤ ᠶᠢ ᠨᠢᠭᠡᠳ ᠨᠢᠭᠡ ᠪᠠᠷ ᠵᠠᠳᠠᠯᠤᠨ ᠳᠤᠳᠤᠷᠬᠠᠢ᠌ᠯᠠᠬᠤ ᠶᠠᠪᠣᠳᠠᠯ ᠪᠣᠯᠤᠨ᠎ᠠ᠃
《ᠠᠭᠤᠯᠠ》 ᠭᠡᠳᠡᠭ᠌ ᠥᠭᠡ ᠶᠢᠨ ᠪᠢᠴᠢᠯᠭᠡ ᠶᠢ 《ᠠ᠊ ᠊ᠭ᠋᠊ ᠊ᠤ᠊ ᠊ᠯ᠊ ᠊ᠠ》 ᠭᠡᠵᠤ ᠵᠠᠳᠠᠯᠵᠤ ᠪᠠᠢ᠌ᠬᠤ ᠨᠢ ᠮᠢᠨᠤ ᠣᠢ᠌ᠯᠠᠭᠠᠯᠳᠠ ᠪᠠᠷ ᠪᠣᠯ ᠥᠰᠦᠭ᠌ ᠶᠢᠡᠷ ᠵᠠᠳᠠᠯᠬᠤ ᠶᠢᠨ ᠠᠩᠬ᠎ᠠ ᠠᠯᠬᠤᠮ ᠤᠨ ᠵᠠᠳᠠᠯᠤᠯᠳᠠ ᠪᠣᠯᠬᠤ ᠶᠤᠮ᠃ ᠶᠠᠭᠠᠭᠢᠭᠠᠤᠨ ᠪᠠᠰᠠ 《ᠠᠩᠬᠠᠨ ᠤ ᠠᠯᠬᠤᠮ》 ᠭᠡᠵᠤ ᠭᠡᠯᠡᠭᠦ ᠪᠣᠢ︖ ᠳᠠᠷᠠᠭᠠᠴᠢ ᠶᠢᠨ ᠠᠯᠬᠠᠤᠮ ᠨᠢ ᠶᠠᠭᠤ ᠪᠣᠢ︖ ᠭᠡᠪᠠᠯ ᠣᠷᠴᠢᠨ ᠴᠠᠭ ᠤᠨ ᠮᠤᠩᠭ᠋ᠤᠯ ᠭᠡᠯᠡᠨ ᠳᠤ ᠣᠷᠳᠤ ᠡᠭᠡᠰᠢᠭ᠌ ᠨᠢ ᠪᠠᠶ᠎ᠠ ᠪᠠᠨ ᠳᠠᠭᠠᠭᠠᠭᠰᠠᠨ ᠳᠤᠰᠬᠠᠢ ᠠᠪᠢᠶᠠᠯᠠᠪᠣᠷᠢ ᠪᠣᠯᠪᠠᠴᠤ ᠣᠷᠳᠤ ᠡᠭᠡᠰᠢᠭ᠌ ᠢ ᠳᠡᠮᠳᠡᠭᠯᠡᠭᠦ ᠳᠤᠰᠬᠠᠢ ᠳᠡᠮᠳᠡᠭ᠌ ᠦᠭᠡᠶ ᠣᠴᠢᠷ ᠡᠴᠡ ᠨᠠᠢ᠌ᠯᠠᠮᠠᠯ ᠳᠡᠮᠳᠡᠭ᠌ (ᠡᠭᠡᠰᠢᠭ᠌ ᠥᠰᠦᠭ᠌ ᠤᠨ ᠬᠣᠢ᠌ᠨ᠎ᠠ ᠨᠢ ᠣᠷᠳᠤᠤᠠᠬᠠᠯ ᠦᠶ᠎ᠡ ᠥᠰᠦᠭ᠌ ᠢ ᠣᠭᠰᠠᠷᠠᠨ ᠪᠢᠴᠢᠭ᠍ᠰᠡᠨ ᠭᠡᠯᠪᠠᠷᠢ᠂ ᠳᠤᠰ ᠡᠭᠡᠰᠢᠭ᠌ (ᠪᠣᠭᠤᠨᠢ ᠡᠭᠡᠰᠢᠭ᠌) ᠢ ᠳᠡᠮᠳᠡᠭᠯᠡᠵᠤ ᠪᠠᠢ᠌ᠭ᠎ᠠ ᠥᠰᠦᠭ᠌ ᠢ ᠳᠠᠪᠬᠤᠷᠯᠠᠨ ᠪᠢᠴᠢᠭ᠍ᠰᠡᠨ ᠪᠢᠴᠢᠯᠭᠡ (ᠣᠳᠤ ᠶᠢᠨ ᠭᠡᠯᠡᠨ ᠵᠦᠢ᠌ ᠶᠢᠨ ᠨᠤᠮ ᠪᠢᠴᠢᠭ᠌ ᠲᠤ 《ᠳᠠᠪᠬᠤᠷ ᠡᠭᠡᠰᠢᠭ᠌》 《ᠭᠡᠳᠡᠭ᠌ ᠨᠢ ᠮᠦᠨ ᠣᠨᠤᠪᠴᠢ ᠦᠭᠡᠶ ᠨᠠᠷᠠ ᠳᠤᠮᠢᠶ᠎ᠠ 《ᠳᠠᠪᠬᠤᠷ ᠡᠭᠡᠰᠢᠭ᠌ ᠥᠰᠦᠭ᠌》 ᠪᠣᠶᠤ 《ᠡᠭᠡᠰᠢᠭ᠌ ᠤᠨ ᠳᠠᠪᠬᠤᠷᠯᠠᠭᠰᠠᠨ ᠪᠢᠴᠢᠯᠭᠡ》 ᠪᠣᠯᠬᠤ ᠶᠤᠮ)᠂ ᠬᠤᠶᠠᠷ ᠥᠭᠡᠷ᠎ᠡ ᠡᠭᠡᠰᠢᠭ᠌ ᠥᠰᠦᠭ᠌ ᠢ ᠣᠭᠰᠠᠷᠠᠨ ᠪᠢᠴᠢᠭ᠍ᠰᠡᠨ ᠪᠢᠴᠢᠯᠭᠡ (ᠣᠳᠤ ᠶᠢᠨ ᠭᠡᠯᠡᠨ ᠵᠦᠢ᠌ ᠶᠢᠨ ᠨᠤᠮ ᠪᠢᠴᠢᠭ᠌ ᠲᠤ 《ᠬᠤᠤᠰ ᠡᠭᠡᠰᠢᠭ᠌》 ᠭᠡᠳᠡᠭ᠌ ᠨᠢ ᠮᠦᠨ ᠴᠤ ᠣᠨᠤᠪᠴᠢ ᠦᠭᠡᠶ ᠨᠠᠷᠠ ᠳᠤᠮᠢᠶ᠎ᠠ ᠪᠣᠯᠬᠤ ᠳᠤᠬᠠᠢ ᠬᠤᠪᠢ ᠭᠦᠮᠤᠨ ᠳᠤᠰᠬᠠᠢ ᠥᠭᠦᠯᠡᠯ ᠪᠢᠴᠢᠵᠤ ᠰᠡᠳᠭᠦᠯ ᠳᠤ ᠢᠯᠠ ᠨᠡᠢ᠌ᠳᠡᠯᠡᠭ᠍ᠳᠡᠵᠤ ᠥᠩᠭᠡᠷᠡᠭ᠍ᠰᠡᠨ ᠶᠤᠮ︕)᠂ ᠡᠰᠡᠭᠦᠯ᠎ᠡ ᠪᠣᠭᠤᠨᠢ ᠡᠭᠡᠰᠢᠭ᠌ ᠤᠨ ᠭᠢᠨᠢ ᠪᠢᠴᠢᠯᠭᠡ ᠪᠠᠷ ᠰᠢᠭᠤᠳ ᠣᠷᠤᠯᠠᠭᠤᠯᠤᠨ ᠳᠡᠮᠳᠡᠭᠯᠡᠵᠤ ᠢᠯᠡᠳᠭᠡᠳᠡᠭ᠌ ᠶᠤᠮ᠃ ᠣᠷᠳᠤ ᠡᠭᠡᠰᠢᠭ᠌ ᠢ ᠳᠡᠮᠳᠡᠭᠯᠡᠵᠤ ᠪᠠᠢ᠌ᠭ᠎ᠠ ᠳᠡᠳᠡᠭᠡᠷ ᠨᠠᠢ᠌ᠯᠠᠮᠠᠯ ᠳᠡᠮᠳᠡᠭ᠌ ᠪᠣᠶᠤ ᠨᠠᠢ᠌ᠯᠠᠮᠠᠯ ᠳᠦᠷᠰᠦ ᠨᠢ ᠨᠢᠭᠡ ᠠᠪᠢᠶᠠᠯᠠᠪᠣᠷᠢ ᠶᠢ ᠢᠯᠡᠳᠭᠡᠵᠤ ᠨᠢᠭᠡ 《ᠥᠰᠦᠭ᠌》 ᠤᠨ ᠭᠡᠯᠪᠠᠷᠢ ᠪᠣᠯᠵᠤ ᠪᠠᠢ᠌ᠭ᠎ᠠ ᠣᠴᠢᠷ ᠡᠴᠡ ᠣᠷᠳᠤ ᠡᠭᠡᠰᠢᠭ᠌ ᠢ ᠣᠷᠤᠯᠠᠨ ᠳᠡᠮᠳᠡᠭᠯᠡᠵᠤ ᠪᠠᠢ᠌ᠭ᠎ᠠ ᠨᠠᠢ᠌ᠯᠠᠮᠠᠯ ᠳᠦᠷᠰᠦ ᠶᠢ ᠪᠣᠰᠤᠳ ᠡᠭᠡᠰᠢᠭ᠌ (ᠪᠣᠭᠤᠨᠢ ᠡᠭᠡᠰᠢᠭ᠌)᠂ ᠭᠡᠢ᠌ᠭᠦᠯᠦᠭ᠍ᠴᠢ ᠶᠢ ᠳᠡᠮᠳᠡᠭᠯᠡᠵᠤ ᠪᠠᠢ᠌ᠭ᠎ᠠ ᠳᠦᠷᠰᠦ ᠲᠡᠶ ᠠᠳᠠᠯᠢ ᠲᠦᠪᠰᠢᠨ ᠳᠤ ᠵᠠᠳᠠᠯᠤᠨ ᠵᠡᠷᠭᠡᠴᠡᠭᠦᠯᠭᠦ ᠨᠢ ᠪᠣᠷᠤᠭᠤ ᠵᠠᠳᠠᠯᠤᠯᠳᠠ ᠪᠣᠯᠬᠤ ᠨᠢ ᠮᠠᠰᠢ ᠳᠤᠳᠤᠷᠬᠠᠢ ᠪᠠᠢ᠌ᠭ᠎ᠠ ᠭᠡᠷᠡᠭ᠌᠃ ᠨᠠᠭᠠᠳᠤ ᠵᠠᠬ᠎ᠠ ᠳᠤ ᠪᠠᠨ ᠳᠤᠳᠠᠭᠤ 《ᠵᠠᠳᠠᠯᠤᠯᠳᠠ》 ᠪᠣᠯᠬᠤ ᠨᠢ ᠯᠠᠪᠳᠠᠢ᠃ ᠡᠭᠦᠨ ᠢ ᠪᠠᠰᠠ ᠮᠤᠩᠭ᠋ᠤᠯ ᠭᠡᠯᠡᠨ ᠤ 《᠊ᠠᠢ᠂ ᡀ》 ᠵᠡᠷᠭᠡ ᠴᠥᠭᠡᠨ ᠨᠠᠢ᠌ᠯᠠᠮᠠᠯ ᠳᠦᠷᠰᠦ ᠶᠢ ᠴᠠᠭᠠᠰᠢ ᠵᠠᠳᠠᠯᠳᠠᠭ ᠦᠭᠡᠶ ᠲᠡᠶ ᠠᠳᠠᠯᠢᠬᠠᠨ ᠶᠤᠰᠤ ᠪᠣᠯᠬᠤ ᠶᠤᠮ᠃ ᠳᠡᠭᠡᠪᠠᠯ ᠳᠠᠷᠠᠭᠠᠴᠢ ᠶᠢᠨ ᠠᠯᠬᠤᠮ ᠳᠤ ᠨᠢ ᠭᠡᠯᠡᠯᠭᠡᠨ ᠦᠭᠡᠶ ᠡᠭᠦᠨ ᠢ ᠵᠠᠳᠠᠯᠤᠨ ᠳᠤᠳᠤᠷᠬᠠᠢ᠌ᠯᠠᠨᠠ᠃ ᠡᠮᠦᠨᠡᠭᠢ 《ᠠᠭᠤᠯᠠ》 ᠭᠡᠰᠡᠨ ᠥᠭᠡ ᠶᠢᠨ 《ᠥᠰᠦᠭ᠌ ᠶᠢᠡᠷ ᠵᠠᠳᠠᠯᠤᠭᠰᠠᠨ》 ᠤ 《2》 ᠳ᠋ᠤᠭᠠᠷ ᠠᠯᠬᠤᠮ ᠤᠨ ᠵᠠᠳᠠᠯᠤᠯᠳᠠ ᠪᠣᠯ ᠡᠭᠦᠨ ᠤ ᠵᠢᠱᠢᠶ᠎ᠠ ᠪᠣᠯᠤᠨ᠎ᠠ᠃ ᠪᠠᠰᠠ ᠵᠠᠯᠭᠠᠭᠠᠤᠨ ᠮᠤᠩᠭ᠋ᠤᠯ ᠭᠡᠯᠡᠨ ᠤ ᠵᠠᠷᠢᠮ ᠥᠭᠡᠰ ᠤᠨ ᠬᠤᠪᠢᠷᠠᠯᠳᠠᠳᠤ ᠪᠢᠴᠢᠯᠭᠡ (ᠭᠡᠯᠡᠨ ᠵᠦᠢ᠌ ᠶᠢᠨ ᠨᠤᠮ ᠳᠤ 《ᠠᠪᠢᠶᠠᠨ ᠤ ᠬᠤᠪᠢᠷᠠᠯᠳᠠ》 ᠭᠡᠵᠤ ᠪᠠᠢ᠌ᠭ᠎ᠠ ᠨᠢ ᠳᠠᠰᠢᠶ᠎ᠠ ᠭᠡᠯᠡᠯᠭᠡ᠂ ᠠᠪᠢᠶ᠎ᠠ ᠬᠤᠪᠢᠷᠠᠭᠰᠠᠨ ᠪᠢᠰᠢ ᠪᠢᠴᠢᠯᠭᠡ ᠨᠢ ᠬᠤᠪᠢᠷᠠᠭᠰᠠᠠᠨ ᠶᠠᠪᠣᠳᠠᠯ ᠪᠣᠯᠤᠨ᠎ᠠ)᠂ ᠨᠠᠮᠠᠯᠳᠠ ᠳᠦᠷᠰᠦ ᠵᠡᠷᠭᠡ ᠶᠢ ᠵᠠᠳᠠᠯᠤᠨ ᠳᠤᠳᠤᠷᠬᠠᠢ᠌ᠯᠠᠬᠤ ᠶᠠᠪᠣᠳᠠᠯ ᠬᠤᠯᠪᠣᠭᠳᠠᠨ᠎ᠠ᠃ ᠵᠢᠱᠢᠶᠠᠯᠠᠪᠠᠯ᠄
ᠳᠠᠰᠬᠠᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ 1.ᠳ᠊ ᠂ ᠊ᠠ᠊᠂ ᠊ᠰ᠊᠂ ᠊ᠬ᠊᠂ ᠊ᠠ᠊᠂ ᠊ᠯ 2. ᠳ᠊᠂ ᠊ᠠ᠊᠂ ᠊ᠰ᠊᠂ ᠊ᠭ᠋᠊᠂ ᠊ᠠ᠊᠂ ᠊ᠯ
ᠠᠪᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ 1. ᠠ᠊᠂ ᠊ᠪ᠊᠂ ᠊ᠠ᠊᠂ ᠡ 2. ᠠ᠊᠂ ᠊ᠪ᠊᠂ ᠡ ᠁ ᠭᠡᠭᠦ ᠮᠠᠳᠤ᠃
ᠬᠤᠷᠢᠶᠠᠩᠭ᠋ᠣᠢ᠌ᠯᠠᠪᠠᠯ ᠥᠭᠡ ᠶᠢ ᠠᠪᠢᠶ᠎ᠠ ᠪᠠᠷ ᠵᠠᠳᠠᠯᠬᠤ ᠪᠣᠯᠤᠨ ᠥᠰᠦᠭ᠌ ᠶᠢᠡᠷ ᠵᠠᠳᠠᠯᠬᠤ ᠪᠣᠯ ᠡᠷᠡᠰ ᠣᠠᠳᠤᠤ ᠬᠤᠶᠠᠷ ᠶᠠᠪᠣᠳᠠᠯ ᠪᠣᠯᠬᠤ ᠮᠥᠷᠳᠡᠭᠡᠨ ᠳᠡᠳᠡᠭᠡᠷ ᠢ ᠶᠠᠮᠠᠷ ᠲᠦᠪᠰᠢᠨ ᠳᠤ ᠭᠦᠷᠳᠡᠯ᠎ᠡ ᠵᠠᠳᠠᠯᠬᠤ ᠭᠡᠳᠡᠭ᠌ ᠢ ᠢᠯᠭᠠᠭ᠎ᠠ ᠲᠡᠶ ᠣᠢ᠌ᠯᠠᠭᠠᠬᠤ ᠭᠡᠷᠡᠭ᠍ᠳᠡᠢ᠃ ᠡᠭᠦᠨ ᠤ ᠰᠠᠭᠤᠷᠢᠨ ᠳᠡᠭᠡᠷ᠎ᠡ ᠰᠠᠶᠢ ᠳᠤᠮᠳᠠᠳᠤ ᠪᠠᠭ᠎ᠠ ᠰᠤᠷᠭᠠᠭᠤᠯᠢ ᠳᠤ ᠥᠭᠡ ᠶᠢ ᠠᠪᠢᠶ᠎ᠠ ᠪᠠᠷ ᠵᠡᠳᠡᠯᠬᠤ᠂ ᠥᠭᠡ ᠶᠢᠨ ᠪᠢᠴᠢᠯᠭᠡ ᠶᠢ ᠥᠰᠦᠭ᠌ ᠶᠢᠡᠷ ᠵᠠᠳᠠᠯᠬᠤ ᠳᠤᠬᠠᠢ ᠠᠭᠤᠯᠭ᠎ᠠ ᠶᠢ ᠰᠢᠨ᠎ᠡ ᠪᠠᠷ ᠰᠤᠳᠤᠯᠤᠨ ᠳᠤᠭᠳᠠᠭᠠᠬᠤ ᠭᠡᠷᠡᠭ᠍ᠳᠡᠢ᠃ ᠣᠳᠤ ᠶᠢᠨ ᠵᠠᠳᠠᠯᠵᠤ ᠪᠠᠢ᠌ᠭ᠎ᠠ ᠠᠷᠭ᠎ᠠ ᠭᠡᠯᠪᠠᠷᠢ᠂ ᠣᠨᠤᠯ ᠭᠡᠯᠡᠯᠭᠡ ᠨᠢ ᠣᠨᠤᠯ ᠣᠬᠠᠭᠳᠠᠬᠤᠨ ᠢ ᠬᠤᠤᠠᠬᠤᠯᠳᠤᠭᠤᠯᠭᠰᠠᠨ ᠪᠠᠯᠠᠷᠬᠠᠢ ᠳᠠᠰᠢᠶ᠎ᠠ ᠵᠣᠢ᠌ᠯ ᠪᠣᠯᠤᠨ᠎ᠠ᠃
ᠵᠤᠬᠢᠶᠠᠭᠴᠢ ᠶᠢᠨ ᠬᠠᠶᠢᠭ ᠄ ᠣᠯᠠᠭᠠᠠᠬᠠᠳᠠ᠂ ᠣᠩᠨᠢᠭᠤᠳ
ᠵᠤᠬᠢᠶᠠᠭᠴᠢ᠄ ᠭᠦᠭᠡᠪᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 3390
ᠴᠠᠭ᠄ 2010 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ