ᠨᠡᠪᠲᠡᠷᠡᠨ ᠤᠷᠤᠬᠤ
ᠪᠢ

ᠭᠢᠳᠠᠤᠨ ᠵᠢᠠᠷ

ᠢᠮᠠᠭ᠎ᠠ ᠭᠡᠵᠤ ᠭᠡᠯᠡᠵᠤ ᠴᠢᠳᠠᠴᠢᠬᠠᠭᠠᠤᠨ

ᠢᠰᠢᠭᠡ ᠭᠡᠵᠤ ᠭᠡᠯᠡᠵᠤ ᠴᠢᠳᠠᠳᠠᠭ ᠥᠭᠡᠢ

                  ᠭᠦᠮᠤᠨ ᠪᠣᠯ ᠪᠢ

ᠠᠷᠪᠠᠨ ᠭᠢᠳᠠᠤᠨ ᠦᠰᠦᠭ᠌ ᠡᠴᠠ ᠬᠤᠶᠠᠷ ᠢ ᠨᠢ

                   ᠳᠠᠨᠢᠴᠢᠬᠠᠭᠠᠤᠨ

ᠭᠢᠳᠠᠤᠨ ᠭᠡᠯᠡᠨ ᠳᠤ ᠨᠠᠪᠳᠠᠷᠠᠯ᠎ᠠ ᠭᠡᠵᠤ

ᠮᠤᠩᠭ᠋ᠤᠯ ᠤᠨ ᠳᠤᠮᠳᠠ ᠪᠠᠨ

                 ᠣᠷᠭᠢᠳᠠᠭ ᠭᠦᠮᠤᠨ ᠴᠤ ᠪᠢ


ᠵᠡᠭᠤ  ᠭᠦᠷᠦᠭ᠍ᠰᠡᠨ

ᠬᠤᠨᠢᠨ ᠤ ᠪᠠᠨ ᠳᠤᠭ᠎ᠠ ᠶᠢ ᠮᠡᠳᠡᠭᠦ ᠦᠭᠡᠶ ᠪᠠᠢ᠌ᠭᠠᠤᠨ

ᠵᠡᠭᠦᠨ ᠠᠢ᠌ᠯ ᠤᠨ ᠶᠢᠡᠨ ᠵᠠᠷᠤᠳᠠᠯ ᠢ ᠪᠣᠳᠤᠳᠠᠭ

                 ᠭᠦᠮᠤᠨ ᠪᠣᠯ ᠪᠢ

ᠠᠷᠪᠠᠨ ᠲᠦᠮᠡᠨ ᠵᠤᠭᠤᠰᠤᠨ ᠤ

ᠮᠡᠢ᠌ᠮᠡᠢ ᠡᠷᠭᠢᠭᠦᠯᠦᠭᠡᠳ

           ᠠᠯᠳᠠᠭᠰᠠᠨ ᠬᠤᠠᠵᠢᠭᠰᠠᠨ ᠶᠢᠡᠨ ᠮᠡᠳᠡᠳᠡᠭ᠌ ᠦᠭᠡᠶ

                 ᠭᠦᠮᠤᠨ ᠴᠤ ᠪᠢ

ᠪᠢᠴᠢᠭ᠌ ᠭᠡᠷ᠎ᠡ ᠴᠤ ᠦᠭᠡᠶ ᠪᠠᠯᠠ ᠣᠷᠤᠭᠤᠯᠵᠤ

ᠵᠤᠭᠤᠰ ᠬᠤᠠᠵᠢᠨ᠎ᠠ ᠭᠡᠳᠡᠭ᠌

              ᠭᠦᠮᠤᠨ ᠴᠤ ᠪᠢ

ᠠᠵᠢᠯ ᠭᠢᠭ᠍ᠰᠡᠨ ᠴᠤ

ᠭᠡᠨ ᠳᠤ ᠭᠢᠭ᠍ᠰᠡᠨ ᠶᠢᠡᠨ ᠮᠡᠳᠡᠭᠦ ᠥᠭᠡᠢ

ᠬᠤᠭᠤᠰᠤᠨ ᠴᠠᠯᠢᠩ ᠰᠤᠨᠤᠰᠤᠭᠠᠤᠨ

           ᠠᠵᠢᠯᠯᠠᠳᠠᠭ ᠭᠦᠮᠤᠨ ᠴᠤ ᠪᠢ

ᠠᠪᠴᠠᠭ᠎ᠠ ᠥᠭ᠍ᠴᠡᠭᠡ ᠪᠠᠨ

     ᠢᠯᠭᠠᠷᠠᠭᠤᠯᠬᠤ ᠪᠠᠷ

ᠵᠠᠷᠭᠤ ᠭᠦᠭᠡᠭᠡᠴᠡᠯᠳᠤᠨ᠎ᠡ ᠭᠡᠳ

ᠵᠠᠮ ᠶᠢᠡᠨ ᠣᠯᠳᠠᠭ ᠥᠭᠡᠢ

            ᠭᠦᠮᠤᠨ ᠪᠣᠯ ᠪᠢ

ᠵᠠᠷᠭᠤ ᠭᠦᠭᠡᠭᠡᠴᠡᠯᠳᠦᠭᠦ ᠳᠤ ᠪᠠᠨ

ᠦᠪᠡᠷ ᠤᠨ ᠦᠰᠦᠭ᠌ ᠪᠢᠴᠢᠭ᠌ ᠶᠢᠡᠷ ᠭᠡᠭᠦ ᠥᠭᠡᠢ

ᠭᠢᠳᠡᠳ  ᠪᠢᠴᠢᠭ᠌ ᠶᠢᠡᠷ ᠵᠠᠷᠭᠤ ᠭᠡᠳᠡᠭ᠌

         ᠭᠦᠮᠤᠨ ᠴᠤ ᠪᠢ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2652
ᠴᠠᠭ᠄ 2012 ᠤᠨ ᠤ 04 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ