ᠨᠡᠪᠲᠡᠷᠡᠨ ᠤᠷᠤᠬᠤ
ᠮᠤᠩᠭ᠋ᠤᠯ ᠭᠦᠤ ᠪᠣᠯᠵᠤ ᠦᠰᠦᠨ᠎ᠠ

ᠨᠢ᠋ᠮᠠᠨ ᠵᠠᠭᠤᠨ ᠤ ᠳᠡᠷᠳᠡᠭᠡ

ᠨᠢᠷᠭᠡᠵᠤ ᠪᠠᠭᠤᠭᠰᠠᠨ ᠠᠶᠤᠩᠭ᠋᠎ᠠ

ᠧᠦ᠋ᠷᠦᠫᠠ ᠠᠽᠢᠶ᠎ᠠ ᠶᠢᠨ ᠡᠯᠢᠭᠡᠨ ᠳ᠋ᠤ

ᠮᠤᠷᠢᠳᠠᠢ ᠳᠤᠪᠳᠤᠯᠤᠭᠰᠠᠨ ᠴᠢᠨ᠋ᠸ᠎ᠠ

ᠳᠡᠭᠷᠢᠯᠢᠭ᠌ ᠳᠡᠭᠡᠳᠦᠰ ᠮᠢᠨᠢ︕

ᠳᠠᠮᠤᠵᠢᠨ ᠡᠵᠡᠨ ᠮᠢᠨᠢ︕

ᠮᠥᠩᠭᠡ ᠭᠠᠯ ᠤᠨ ᠴᠢᠨᠢ ᠳᠤᠯᠭ᠎ᠠ ᠳᠤ ᠴᠢᠨᠢ

ᠣᠴᠢ ᠴᠠᠭᠢᠨ᠎ᠠ ᠭᠡᠵᠤ

ᠮᠤᠩᠭ᠋ᠤᠯ ᠤᠨ ᠭᠦᠭᠡ ᠳᠡᠭ᠍ᠷᠢ ᠳᠤ ᠴᠢᠨᠢ

ᠣᠳᠤ ᠬᠠᠷᠪᠣᠨ᠎ᠠ ᠭᠡᠵᠤ

ᠣᠷᠴᠢᠯᠠᠩ ᠬᠤᠷᠸ᠎ᠠ ᠵᠢᠨ

ᠡᠷᠴᠢ ᠶᠢ ᠪᠠᠷᠢᠵᠤ

ᠣᠷᠳᠤ ᠶᠢᠨ ᠰᠠᠢ᠌ᠬᠠᠨ ᠳᠠᠭᠤᠨ ᠤ

ᠣᠶᠠᠩᠭ᠋᠎ᠠ ᠶᠢ ᠳᠠᠭᠠᠵᠤ

ᠢᠰᠡᠭᠡᠢ ᠳᠤᠭᠤᠷᠭᠠᠳᠠᠨ ᠤ ᠭᠡᠷ ᠤᠨ ᠬᠠᠨ᠎ᠠ ᠳ᠋ᠤ

ᠮᠤᠩᠭ᠋ᠤᠯ ᠭᠦᠤ ᠭᠡᠵᠤ ᠣᠨᠠᠯ᠎ᠠ ᠳ᠋ᠠ

ᠢᠷᠡᠯᠠᠵᠤ ᠨᠤᠴᠤᠬᠤ ᠳᠤᠯᠭ᠎ᠠ ᠶᠢᠨ ᠳᠡᠷᠭᠡᠳᠡ

ᠮᠤᠩᠭ᠋ᠤᠯ ᠭᠦᠮᠤᠨ ᠭᠡᠵᠤ ᠣᠭᠢᠯᠠᠯ᠎ᠠ

ᠨᠤᠭᠤ ᠡᠴᠡ ᠴᠢᠨᠢ ᠪᠢ ᠴᠡᠴᠡᠭ᠌ ᠳᠡᠭᠦᠵᠤ ᠮᠥᠯᠭᠦᠨᠡᠮ

ᠨᠤᠳᠤᠭ ᠡᠴᠡ ᠪᠠᠨ ᠪᠢ ᠣᠬᠠᠭᠠᠨ ᠳᠡᠭᠦᠵᠤ ᠦᠰᠦᠨᠠᠮ

ᠪᠢ ᠭᠡᠯᠡ ᠳᠤ ᠣᠷᠤᠨ᠎ᠠ

ᠭᠡᠨ ᠶᠢᠡᠷ ᠴᠤ ᠠᠶᠤᠯᠭᠠᠯ ᠦᠭᠡᠶ ᠪᠠᠷ

ᠦᠪᠠᠰᠤᠪᠠᠨ ᠰᠤᠷᠤᠨ᠎ᠠ

ᠣᠷᠭᠤᠬᠤ ᠨᠠᠷᠠ ᠪᠠᠨ ᠪᠢ

ᠮᠤᠩᠭ᠋ᠤᠯ ᠭᠡᠵᠤ ᠠᠪᠢᠶᠠᠯᠠᠨ᠎ᠠ

ᠠᠭᠤᠳᠠᠮ ᠳᠠᠯ᠎ᠠ ᠪᠠᠨ ᠪᠢ

ᠮᠤᠩᠭ᠋ᠤᠯ ᠭᠡᠵᠤ ᠣᠩᠰᠢᠨ᠎ᠠ

ᠲᠡᠭᠷᠢᠯᠢᠭ᠌ ᠳᠡᠭᠡᠳᠦᠰ ᠤᠨ ᠮᠢᠨᠢ

ᠢᠯᠳᠤ ᠳᠠᠯᠠᠢ᠌ᠭᠰᠠᠨ ᠳᠤᠷᠪᠢ ᠡᠴᠡ

ᠳᠤᠭᠤᠭᠠᠠᠳᠠᠮᠤᠷ ᠬᠠᠭᠠᠨ ᠤ ᠨᠢᠯᠪᠣᠰᠤ ᠣᠨᠠᠭᠠᠭᠰᠠᠨ ᠭᠡᠮᠰᠢᠯ ᠡᠴᠡ

ᠣᠮᠤᠭ ᠵᠠᠩᠭᠢᠤᠠᠴᠤ᠂ ᠣᠬᠠᠭᠠᠨ ᠳᠡᠭᠦᠵᠤ

ᠪᠢ ᠭᠡᠯᠡ ᠳᠤ ᠣᠷᠤᠨ᠎ᠠ

ᠪᠢ ᠭᠦᠯ ᠳᠤ ᠣᠷᠤᠨ᠎ᠠ

ᠭᠦᠮᠤᠨ ᠶᠢᠡᠷ ᠳᠦᠰᠢᠭᠦᠯᠭᠦ ᠥᠭᠡᠢ

ᠦᠪᠠᠰᠤᠪᠠᠨ ᠵᠤᠭᠰᠤᠨ᠎ᠠ

ᠮᠤᠩᠭ᠋ᠤᠯ ᠭᠡᠳᠡᠭ᠌ ᠨᠠᠷ᠎ᠠ ᠪᠠᠨ ᠡᠷᠭᠦᠵᠤ

ᠳᠠᠨᠠᠢ᠌ᠨ ᠵᠤᠭᠰᠤᠨ᠎ᠠ

ᠮᠥᠩᠭᠡ ᠭᠦᠭᠡ ᠳᠡᠭ᠍ᠷᠢ ᠪᠠᠨ ᠳᠤᠯᠵᠤ

ᠪᠠᠳᠤ ᠵᠤᠭᠰᠤᠨ᠎ᠠ

ᠪᠠᠷᠳᠠᠭ᠎ᠠ ᠶᠡᠭᠡ ᠪᠦᠭᠡᠴᠦᠳ ᠡᠴᠡ

ᠵᠤᠳᠤᠭ ᠭᠤᠶᠤᠵᠤ

ᠪᠠᠭᠠᠳᠤᠷ ᠶᠡᠭᠡ ᠳᠡᠭᠡᠳᠦᠰ ᠡᠴᠡ

ᠵᠤᠷᠢᠭ ᠭᠤᠶᠤᠵᠤ

ᠭᠦᠯ ᠳᠤ ᠪᠢ ᠣᠷᠤᠨ᠎ᠠ

ᠭᠦᠮᠤᠨ ᠤ ᠳᠠᠯᠠᠢ ᠳᠤ ᠬᠠᠳᠠ ᠪᠣᠯᠵᠤ ᠵᠤᠭᠰᠤᠨ᠎ᠠ

ᠪᠢ ᠭᠦᠴᠤ ᠣᠷᠤᠨ᠎ᠠ

ᠭᠦᠮᠤᠨ ᠶᠢᠡᠷ ᠳᠡᠮᠵᠢᠭᠦᠯᠭᠦ ᠥᠭᠡᠢ

ᠦᠪᠠᠰᠤᠪᠠᠨ ᠭᠦᠴᠦᠷᠭᠡᠭᠵᠢᠨ᠎ᠡ

ᠳᠡᠯᠡᠭᠡᠢ ᠶᠢ ᠬᠤᠷᠢᠶᠠᠬᠤ ᠶᠡᠭᠡ ᠣᠬᠠᠭᠠᠨ ᠢ ᠰᠤᠪᠢᠵᠤ

ᠳᠡᠯᠭᠡᠷ ᠬᠤᠷᠸ᠎ᠠ ᠶᠢᠨ ᠨᠢᠭᠤᠴᠠ ᠡᠷᠳᠡᠮ ᠢ ᠰᠢᠠᠵᠢᠵᠤ

ᠠᠷᠢᠭᠢᠨ ᠳᠤ ᠪᠠᠨ ᠪᠢᠰᠢ ᠠᠮᠢᠳᠤᠷᠠᠯ ᠳᠤ ᠪᠠᠨ ᠵᠤᠷᠢᠭ ᠳᠡᠭᠦᠯᠳᠡᠷ

ᠠᠳᠬᠤᠨ ᠳᠤ ᠪᠠᠨ ᠪᠢᠰᠢ ᠠᠷᠤ ᠳᠤ ᠪᠠᠨ ᠭᠦᠴᠤᠨ ᠳᠡᠭᠦᠰ

ᠮᠦᠴᠢᠳ ᠤᠨ ᠶᠢᠠᠨ ᠳᠤᠮᠳᠠ ᠴᠤᠯᠮᠤᠨ ᠰᠢᠭ᠌ ᠭᠡᠷᠡᠯᠳᠤᠨ

ᠮᠠᠷᠭᠠᠰᠢ ᠶᠢᠨ ᠢᠷᠡᠭᠡᠳᠦᠢ ᠳᠤ ᠮᠠᠠᠳᠤᠬᠤ ᠨᠠᠷᠠ ᠶᠢ ᠡᠷᠭᠦᠵᠤ ᠶᠠᠪᠣᠨ᠎ᠠ᠃

ᠵᠤᠬᠢᠶᠠᠭᠴᠢ᠄ ᠪᠠᠶᠠᠭᠤᠳ ᠬᠠᠰᠳᠤᠯᠭᠠᠭᠤᠷᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2917
ᠴᠠᠭ᠄ 2009 ᠤᠨ ᠤ 07 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ