ᠨᠡᠪᠲᠡᠷᠡᠨ ᠤᠷᠤᠬᠤ
ᠮᠢᠨᠤ ᠭᠢᠴᠢᠶᠠᠯ ᠰᠤᠨᠤᠰᠤᠭᠰᠠᠨ ᠡᠷᠭᠢᠴᠡᠭᠦᠯᠦᠯ

    ᠪᠦᠷᠢᠨ ᠪᠦᠳᠤᠨ ᠵᠢᠭᠠᠨ ᠰᠤᠷᠭᠠᠯᠳᠠ ᠶᠢᠨ ᠶᠠᠪᠣᠴᠠ ᠨᠢ ᠶᠠᠷᠤ ᠳᠡᠭᠡᠨ ᠰᠢᠯᠤᠭᠤᠯᠢᠭ ᠪᠣᠰᠤ ᠭᠤᠷᠪᠠᠨ ᠡᠷᠭᠢᠯᠳᠡ ᠶᠢᠨ ᠶᠠᠪᠣᠴᠠ ᠪᠠᠷ ᠪᠦᠷᠢᠯᠳᠦᠳᠡᠭ᠌᠃ (1) ᠪᠠᠭᠰᠢ ᠶᠢᠨ ᠵᠢᠭᠠᠬᠤ ᠲᠦᠰᠤᠪᠯᠠᠯ (ᠭᠢᠴᠢᠶᠠᠯ ᠪᠡᠯᠡᠳᠭᠡᠭᠦ) ᠨᠢ ᠰᠢᠯᠤᠭᠤᠯᠢᠭ ᠪᠣᠰᠤ ᠡᠷᠭᠢᠯᠳᠡ ᠶᠢᠨ ᠶᠠᠪᠣᠴᠠ (2) ᠭᠢᠴᠢᠶᠡᠯᠯᠡᠭᠡ ᠳᠤ ᠰᠤᠷᠤᠭᠴᠢᠳ ᠤᠨ ᠪᠠᠶ᠎ᠠ ᠪᠠᠨ ᠳᠠᠭᠠᠭᠠᠵᠤ᠂ ᠬᠠᠢ᠌ᠨ ᠰᠥᠪᠠᠭ᠍ᠴᠢᠯᠡᠭᠦ᠂ ᠬᠠᠮᠳᠤᠷᠠᠯᠴᠠᠬᠤ ᠨᠢ ᠰᠢᠯᠤᠭᠤᠯᠢᠭ ᠪᠣᠰᠤ ᠡᠷᠭᠢᠯᠳᠡ ᠶᠢᠨ ᠶᠠᠪᠣᠴᠠ (3) ᠰᠤᠷᠤᠭᠴᠢᠳ ᠭᠦᠴᠢᠷᠳᠡᠯ ᠳᠤ ᠳᠤᠯᠭᠠᠷᠠᠬᠤ ᠦᠶ᠎ᠡ ᠳᠤ ᠪᠠᠭᠰᠢ ᠡᠴᠡ ᠮᠠᠭᠠᠳᠯᠠᠯᠳᠠ ᠭᠢᠵᠤ᠂ ᠬᠠᠷᠠᠭᠠᠯᠵᠠᠭᠰᠠᠨ ᠠᠷᠭ᠎ᠠ ᠠᠪᠴᠠᠯ ᠶᠢᠡᠷ ᠰᠢ᠌ᠳᠪᠦᠷᠢᠯᠡᠭᠦ ᠨᠢ ᠰᠢᠯᠤᠭᠤᠯᠢᠭ ᠪᠣᠰᠤ ᠡᠷᠭᠢᠯᠳᠡ ᠶᠢᠨ ᠶᠠᠪᠣᠴᠠ

     ᠵᠢᠭᠠᠬᠤ ᠶᠠᠪᠣᠴᠠ ᠶᠢ ᠪᠦᠷᠢᠡᠰᠢᠭᠦᠯᠭᠦ ᠵᠠᠭᠪᠣᠷ ᠤᠨ ᠠᠷᠭ᠎ᠠ ᠨᠢ 1995 ᠣᠨ ᠳᠤ ᠠᠩᠬ᠎ᠠ ᠡᠭᠢᠯᠡᠨ ᠪᠦᠷᠢᠯᠳᠦᠭ᠍ᠰᠡᠨ ᠶᠤᠮ᠃ ᠣᠯᠠᠨ ᠵᠣᠢ᠌ᠯᠳᠤ ᠣᠨᠤᠯ ᠶᠢᠡᠷ ᠰᠠᠭᠤᠷᠢᠯᠠᠵᠤ᠂ ᠣᠷᠳᠤ ᠬᠤᠭᠤᠴᠠᠭᠠᠨ ᠤ ᠪᠣᠳᠠᠳᠤ ᠥᠢᠯᠡᠳᠦᠯᠭᠡ ᠪᠠᠷ ᠳᠠᠮᠵᠢᠨ᠂ ᠰᠢᠨ᠎ᠡ ᠭᠢᠴᠢᠶᠡᠯᠯᠡᠭᠡ ᠶᠢᠨ ᠪᠠᠷᠢᠮᠵᠢᠶᠠᠨ ᠤ ᠦᠵᠡᠯ ᠰᠠᠨᠠᠭᠠᠨ ᠳᠤ ᠨᠡᠢ᠌ᠴᠡᠭᠦ ᠨᠢ ᠭᠡᠷᠡᠴᠢᠯᠡᠭ᠍ᠳᠡᠪᠡ᠃

    ᠭᠤᠷᠪᠠᠨ ᠵᠣᠢ᠌ᠯ ᠤᠨ ᠰᠢᠯᠤᠭᠤᠯᠢᠭ ᠪᠣᠰᠤ ᠡᠷᠭᠢᠯᠳᠡ ᠶᠢᠨ ᠶᠠᠪᠣᠴᠠ ᠨᠢ ᠳᠤᠭᠳᠠᠮᠠᠯ᠂ ᠥᠭᠦᠮᠡᠯ ᠶᠢᠡᠷ ᠵᠤᠬᠢᠶᠠᠭᠳᠠᠭᠰᠠᠨ ᠪᠢᠰᠢ᠂ ᠬᠠᠷᠢᠨ ᠭᠦᠮᠤᠨ᠂ ᠭᠠᠵᠠᠷ ᠣᠷᠤᠨ᠂ ᠵᠢᠭᠠᠨ ᠰᠤᠷᠭᠠᠯᠳᠠ ᠶᠢᠨ ᠭᠦᠳᠡᠯᠭᠡᠭᠡᠨ ᠢ ᠦᠨᠳᠦᠰᠦᠯᠠᠵᠤ ᠬᠤᠪᠢᠷᠠᠭᠤᠯᠵᠤ ᠪᠣᠯᠳᠠᠭ᠂ ᠪᠠᠭᠰᠢ ᠡᠴᠡ ᠡᠭᠦᠨ ᠢ ᠠᠮᠢᠳᠤᠯᠢᠭ ᠭᠡᠷᠡᠭᠯᠡᠭᠦ ᠭᠡᠷᠡᠭ᠍ᠳᠡᠢ᠃ ᠡᠨᠡᠭᠦ ᠵᠠᠭᠪᠣᠷ ᠨᠢ ᠠᠵᠤ ᠣᠢ᠌ᠯᠠᠳᠪᠣᠷᠢ ᠶᠢᠨ ᠮᠸᠬᠠᠨᠢᠭᠴᠢᠯᠠᠭᠰᠠᠨ᠂ ᠳᠤᠭᠳᠠᠮᠠᠯ ᠴᠤᠪᠣᠷᠠᠯ ᠶᠠᠪᠣᠴᠠ ᠲᠡᠶ ᠮᠦᠨ ᠴᠢᠨᠠᠷ ᠤᠨ ᠢᠯᠭᠠᠭ᠎ᠠ ᠲᠡᠶ᠃ ᠡᠨᠡ ᠨᠢ ᠳᠠ ᠨᠡᠷ ᠤᠨ ᠵᠢᠭᠠᠨ ᠰᠤᠷᠭᠠᠯᠳᠠ ᠶᠢ ᠬᠠᠷᠰᠢᠯᠠᠬᠤ ᠦᠭᠡᠶ ᠮᠦᠷᠳᠡᠭᠡᠨ ᠳᠦᠭᠦᠮ ᠭᠢᠯᠪᠠᠷ ᠨᠥᠭᠦᠴᠡᠯ ᠢ ᠪᠦᠷᠢᠯᠳᠦᠭᠦᠯᠵᠤ ᠥᠭ᠍ᠴᠤ᠂ ᠳᠠᠨ ᠤ ᠦᠰᠦᠨ ᠪᠣᠢ᠌ᠵᠢᠯᠳᠠ ᠳᠤ ᠮᠠᠰᠢ ᠶᠡᠭᠡ ᠬᠠᠪᠰᠤᠷᠤᠮᠵᠢ ᠪᠣᠯᠵᠤ ᠴᠢᠳᠠᠬᠤ ᠶᠤᠮ᠃

     ᠵᠢᠭᠠᠨ ᠰᠤᠷᠭᠠᠯᠳᠠ ᠶᠢᠨ ᠰᠢᠯᠤᠭᠤᠯᠢᠭ ᠪᠣᠰᠤ ᠡᠷᠭᠢᠯᠳᠡ ᠨᠢ ᠭᠦᠮᠤᠨ ᠳᠦᠷᠤᠯᠭᠢᠳᠠᠨ ᠤ ᠰᠡᠳᠭᠢᠭᠦᠢ ᠶᠢᠨ ᠭᠦᠳᠡᠯᠭᠡᠭᠡᠨ ᠤ ᠦᠨᠳᠦᠰᠦᠨ ᠣᠠᠴᠠᠯᠢᠭ ᠲᠡᠶ ᠳᠤᠭᠢᠷᠠᠨ᠎ᠠ᠃ ᠳᠣ᠊·ᠬᠠᠰᠪᠠᠭᠠᠨ᠎ᠠ ᠪᠠᠭᠰᠢ ᠶᠢᠨ ᠡᠨᠡᠭᠦ ᠵᠢᠭᠠᠬᠤ ᠰᠤᠷᠬᠤ ᠶᠠᠪᠣᠴᠠ ᠪᠠ ᠠᠷᠭ᠎ᠠ ᠶᠢᠨ ᠥᠭᠡᠷᠡᠴᠢᠯᠡᠯᠳᠡ [ᠡ᠊ᠨᠳᠡ ᠦᠪᠡᠷ ᠤᠨ ᠰᠤᠷᠤᠯᠴᠠᠵᠤ ᠣᠷᠤᠯᠳᠤᠭᠰᠠᠨ ᠮᠦᠴᠢᠳ ᠦᠵᠡᠯᠳᠠ ᠪᠠᠷ ᠶᠢᠡᠨ ᠵᠠᠭᠪᠣᠷ ᠭᠡᠰᠡᠨ ᠢ ᠥᠭᠡᠷᠡᠴᠢᠯᠡᠯᠳᠡ ᠭᠡᠶ᠎ᠡ᠃ ] ᠪᠣᠯ ᠥᠨᠡᠭᠡᠷ ᠪᠦᠭᠦᠯᠢ ᠴᠤᠭᠴᠠᠳᠤ ᠵᠢᠭᠠᠨ ᠰᠤᠷᠭᠠᠯᠳᠠ ᠶᠢᠨ ᠰᠢᠨ᠎ᠡ ᠦᠵᠡᠯ ᠰᠠᠨᠠᠭ᠎ᠠ ᠮᠦᠨ᠃ ᠵᠢᠭᠠᠬᠤ ᠶᠠᠪᠣᠴᠠ ᠶᠢ ᠪᠦᠷᠢᠡᠰᠢᠭᠦᠯᠭᠦ ᠳᠤ ᠡᠷᠭᠡᠪᠰᠢ ᠵᠢᠭᠠᠬᠤ ᠠᠷᠭ᠎ᠠ ᠶᠢᠨ ᠥᠭᠡᠷᠡᠴᠢᠯᠡᠯᠳᠡ ᠭᠢᠭᠦ ᠭᠡᠷᠡᠭ᠍ᠳᠡᠢ᠂ ᠰᠢᠨ᠎ᠡ ᠭᠢᠴᠢᠶᠠᠯ ᠤᠨ ᠪᠠᠷᠢᠮᠵᠢᠶ᠎ᠠ ᠳᠤ ᠬᠠᠮᠤᠭ ᠳᠡᠷᠢᠭᠦᠨ ᠳᠤ [ᠶᠠᠪᠣᠴᠠ ᠪᠠ ᠠᠷᠭ᠎ᠠ] ᠵᠢ ᠳᠤᠷᠠᠳᠤᠭᠰᠠᠨ ᠨᠢ ᠶᠤᠰᠤᠳᠠᠢ ᠰᠢᠨ᠎ᠡ ᠭᠢᠴᠢᠶᠠᠯ ᠤᠨ ᠰᠤᠳᠤᠯᠭᠠᠨ ᠤ ᠵᠠᠩᠭᠢᠯᠠᠭ᠎ᠠ ᠶᠢ ᠠᠳᠬᠤᠵᠠᠢ᠃ ᠪᠢ᠂ ᠡᠨᠡᠭᠦ ᠥᠭᠡᠷᠡᠴᠢᠯᠡᠯᠳᠡ [ᠭᠡᠵᠤ ᠳᠦᠭᠦᠮᠴᠢᠯᠡᠶ᠎ᠡ] ᠳ᠋ᠤ ᠣᠷᠤᠯᠴᠠᠵᠤ᠂ ᠰᠤᠷᠤᠯᠴᠠᠭᠰᠠᠨ ᠴᠠᠭ ᠡᠴᠠ ᠠᠪᠣᠭᠠᠤᠨ ᠡᠳᠦᠢ ᠪᠣᠯᠳᠠᠯ᠎ᠠ ᠣᠯᠤᠰ ᠤᠨ᠂ ᠣᠷᠤᠨ ᠤ᠂ ᠬᠤᠳᠠ ᠠᠢ᠌ᠮᠠᠭ ᠤᠨ᠂ ᠬᠤᠰᠢᠭᠤ ᠰᠢᠶᠠᠨ ᠤ ᠭᠢᠴᠢᠶᠠᠯ ᠰᠤᠨᠤᠰᠤᠯᠳᠠ ᠪᠣᠶᠤ ᠣᠷᠤᠯᠳᠤᠭᠠᠨ ᠤ ᠭᠢᠨᠠᠯᠳᠠ ᠳᠤ ᠣᠳᠠᠭ᠎ᠠ ᠳᠠᠷᠠᠭᠠᠯᠠᠨ ᠪᠠᠢ᠌ᠵᠤ ᠥᠩᠭᠡᠷᠡᠭ᠍ᠰᠡᠨ᠂ ᠣᠳᠤ ᠴᠤ ᠭᠡᠳ ᠭᠢᠴᠢᠶᠠᠯ ᠤᠨ ᠰᠤᠨᠤᠰᠤᠯᠳᠠ ᠦᠨᠡᠯᠠᠯᠳᠠ ᠳᠤ ᠰᠢᠨ᠎ᠡ ᠭᠢᠴᠢᠶᠠᠯ ᠤᠨ ᠳᠤᠬᠠᠢ ᠦᠪᠡᠷ ᠤᠨ ᠳᠠᠨᠢᠯᠳᠠ ᠪᠠᠨ ᠡᠷᠡᠭᠡᠯᠡᠯ ᠦᠭᠡᠶ ᠶᠠᠷᠢᠨ ᠪᠠᠭᠰᠢ ᠨᠡᠷ ᠲᠡᠶ ᠴᠢᠯᠦᠭᠡᠳᠡᠢ ᠵᠦᠪᠳᠠᠵᠤ᠂ ᠠᠳᠠᠯᠢ ᠪᠣᠰᠤ ᠰᠠᠨᠠᠯ ᠶᠢᠡᠨ ᠰᠤᠯᠢᠯᠴᠠᠳᠠᠭ ᠶᠤᠮ᠃ ᠡᠳᠡᠭᠡᠷ ᠭᠢᠴᠢᠶᠠᠯ ᠶᠠᠷᠢᠯᠴᠠᠭᠠᠨ ᠳᠤ ᠳᠤᠪᠣᠢ᠌ᠮ᠎ᠠ ᠢᠯᠠᠷᠠᠵᠤ ᠪᠠᠢ᠌ᠬᠤ ᠨᠠᠢ᠌ᠳᠠᠮ ᠤᠨ ᠴᠢᠨᠠᠷᠳᠠᠢ ᠰᠠᠳᠤᠪ ᠤᠨ ᠬᠠᠯᠠᠮᠰᠢᠯ [ᠰᠤᠳᠤᠯᠤᠭᠳᠠᠬᠤᠨ ᠤ ᠴᠢᠭ᠌] ᠪᠣᠯ ᠭᠢᠴᠢᠶᠡᠯᠯᠡᠭᠡ ᠶᠢᠨ ᠶᠠᠪᠣᠴᠠ ᠪᠦᠷᠢᠨ ᠪᠣᠰᠤ᠂ ᠠᠷᠭ᠎ᠠ ᠬᠤᠷᠴᠠ ᠠᠮᠢᠳᠤᠯᠢᠭ ᠦᠭᠡᠶ ᠡᠴᠠ ᠪᠣᠯᠵᠤ ᠭᠢᠴᠢᠶᠠᠯ ᠤᠨ ᠦᠷ᠎ᠡ ᠪᠦᠳᠦᠮᠵᠢ ᠳᠠᠢ᠌ᠮᠤ ᠬᠠᠩᠭ᠋ᠠᠮᠵᠢᠳᠠᠢ ᠪᠢᠰᠢ ᠮᠦᠷᠳᠡᠭᠡᠨ ᠰᠢᠨ᠎ᠡ ᠭᠢᠴᠢᠶᠠᠯ ᠤᠨ ᠭᠤᠷᠪᠠᠨ ᠬᠠᠷᠠᠯᠳᠠ ᠶᠢ ᠠᠮᠠ ᠬᠠᠰᠢᠵᠤ ᠠᠯᠪᠠ ᠬᠠᠭᠠᠬᠤ ᠰᠠᠨᠠᠮᠰᠠᠷ ᠦᠭᠡᠶ ᠥᠵᠡᠭ᠍ᠳᠡᠯ ᠬᠠᠭᠠᠨ᠎ᠠ ᠴᠠᠭᠠᠨ᠎ᠠ ᠬᠠᠷᠠᠭᠳᠠᠵᠤ ᠪᠠᠢ᠌ᠳᠠᠭ᠃ ᠮᠢᠨᠤ ᠥᠵᠡᠭᠦ ᠪᠠᠷ᠂ ᠡᠭᠦᠨ ᠤ ᠭᠤᠤᠯ ᠰᠢᠯᠳᠠᠭᠠᠨ ᠨᠢ ᠳᠠᠷᠤᠢ ᠳᠤᠷ᠎ᠠ ᠶᠢᠨ ᠨᠢᠭᠡᠨ ᠭᠢᠴᠢᠶᠡᠯᠯᠡᠭᠡ ᠶᠢᠨ ᠵᠢᠭᠠᠬᠤ ᠰᠤᠷᠬᠤ ᠠᠷᠭ᠎ᠠ ᠪᠠ ᠶᠠᠪᠣᠴᠠ ᠰᠡᠯᠦᠩᠬᠢᠳᠡᠵᠤ᠂ ᠵᠢᠭᠠᠨ ᠰᠤᠷᠭᠠᠯᠳᠠ ᠶᠢᠨ ᠰᠢᠯᠤᠭᠤᠯᠢᠭ ᠪᠣᠰᠤ ᠭᠤᠷᠪᠠᠨ ᠡᠷᠭᠢᠯᠳᠡ ᠨᠢ ᠰᠤᠷᠤᠭᠴᠢᠳ ᠤᠨ ᠰᠡᠳᠭᠢᠭᠦᠢ ᠶᠢᠨ ᠭᠦᠳᠡᠯᠭᠡᠭᠡᠨ ᠢ ᠪᠦᠷᠢᠯᠳᠦᠭᠦᠯᠵᠤ ᠳᠡᠢ᠌ᠯᠦᠭ᠍ᠰᠡᠨ ᠦᠭᠡᠶ ᠳᠤ ᠣᠷᠤᠰᠢᠨ᠎ᠡ


ᠵᠤᠬᠢᠶᠠᠭᠴᠢ ᠶᠢᠨ ᠬᠠ‍‌ᠶᠢᠭ ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠨ ᠰᠤᠷᠭᠠᠯᠳᠠ ᠶᠢᠨ ᠰᠤᠳᠤᠯᠭᠠᠨ ᠤ ᠳᠠᠰᠤᠭ

ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 3854
ᠴᠠᠭ᠄ 2011 ᠤᠨ ᠤ 04 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ