☆ ᠡᠷᠳᠡᠨᠢᠪᠠᠭᠠᠨ᠎ᠠ
ᠵᠡᠭᠦᠳᠤᠨ ᠳᠤ ᠪᠠᠨ ᠨᠤᠭᠤᠭᠠᠨ ᠥᠩᠭᠡ ᠪᠠᠨ ᠡᠵᠡᠷᠭᠡᠭ᠍ᠰᠡᠨ ᠪᠣᠯᠵᠤᠮᠤᠷ
(ᠬᠡᠦᠬᠡᠳ ᠤᠨ ᠰᠢᠯᠦᠭ᠌)
ᠥᠶᠦᠭᠡᠢ ᠳᠤ ᠨᠢ
ᠥᠡᠳᠦᠷᠯᠢᠭ᠌ ᠤᠨ ᠶᠢᠡᠨ ᠴᠠᠭᠠᠨ ᠭᠡᠭᠡ ᠬᠤᠷᠠᠭᠰᠠᠨ
ᠦᠳᠦᠨ ᠳᠤ ᠨᠢ
ᠡᠯᠢᠭᠡᠨ ᠤ ᠶᠢᠡᠨ ᠪᠣᠷᠤ ᠳᠤᠶᠠᠭ᠎ᠠ ᠨᠠᠭᠠᠭᠰᠠᠨ
ᠰᠠᠷᠠᠨ ᠤ ᠭᠡᠷᠡᠯ ᠳ᠋ᠤ
ᠠᠭᠤᠯᠠ ᠪᠠᠨ ᠳᠡᠷᠡᠯᠡᠭ᠍ᠰᠡᠨ
ᠵᠢᠭᠦᠷ ᠡᠴᠠ ᠪᠠᠨ ᠶᠡᠭᠡ ᠳᠠᠯ᠎ᠠ ᠪᠠᠨ
ᠵᠡᠭᠦᠳᠤᠨ ᠳᠤ ᠪᠠᠨ ᠬᠠᠷᠠᠭᠤᠯᠳᠠᠭᠰᠠᠨ
ᠨᠠᠷᠠᠨ ᠤ ᠭᠡᠷᠡᠯ ᠳ᠋ᠤ
ᠨᠠᠪᠴᠢ ᠪᠠᠨ ᠨᠥᠮᠦᠭᠡᠳᠡᠭ᠍ᠰᠡᠨ
ᠨᠠᠭᠤᠷ ᠤᠨ ᠶᠢᠡᠨ ᠣᠷᠤᠰᠬᠠᠯ ᠳᠤ ᠪᠠᠨ
ᠨᠠᠷᠭᠢᠶᠠᠨ ᠶᠢᠡᠨ ᠮᠦᠷᠦᠭᠡᠳᠦᠭ᠍ᠰᠡᠨ
ᠡᠪᠠᠰᠤᠨ ᠤ ᠨᠠᠢ᠌ᠭᠤᠭᠠᠨ ᠳ᠋ᠤ
ᠢᠵᠢᠯᠢ ᠪᠠᠨ ᠳᠠᠭᠤᠳᠠᠭᠰᠠᠨ
ᠡᠷᠡᠯᠭᠡᠭ᠌ ᠣᠭᠭᠠᠨ ᠵᠢᠠᠨ
ᠦᠷ᠎ᠡ ᠳᠤ ᠪᠠᠨ ᠡᠷᠭᠦᠭ᠍ᠰᠡᠨ
ᠭᠦᠭᠡ ᠳᠡᠭ᠍ᠷᠢ ᠪᠠᠷ
ᠬᠠᠯᠢᠨ ᠰᠤᠮᠤᠳᠠᠭᠰᠠᠨ
ᠭᠦᠡᠳᠡᠢ ᠳᠠᠯ᠎ᠠ ᠪᠠᠷ
ᠬᠠᠭᠢᠷ ᠲᠤ ᠰᠦᠷᠦᠭᠯᠡᠭ᠍ᠰᠡᠨ ᠁
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10113
ᠴᠠᠭ᠄ 2012 ᠤᠨ ᠤ 11 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ