ᠨᠡᠪᠲᠡᠷᠡᠨ ᠤᠷᠤᠬᠤ
ᠮᠤᠩᠭ᠋ᠤᠯ ᠭᠦᠤ ᠮᠢᠨᠢ

ᠭᠦᠤ ᠣᠨᠤᠨ ᠮᠢᠨᠢ ᠭᠡᠯᠡ ᠳᠤ ᠣᠷᠤᠮᠠᠭᠴᠠ

ᠮᠢᠨᠤ ᠮᠤᠩᠭ᠋ᠤᠯ ᠭᠡᠵᠤ ᠭᠡᠯᠡᠵᠤ ᠰᠤᠷᠤᠭᠰᠠᠨ ᠶᠤᠮ

ᠬᠠᠩᠭ᠋ᠠᠢ ᠶᠢᠨ ᠵᠤ᠋ ᠪᠠᠷ

ᠭᠢᠯᠠᠰᠳᠠᠯ᠎ᠠ ᠳᠠᠪᠭᠢᠭᠤᠯᠵᠤ

ᠭᠠᠯ ᠰᠢᠭ ᠴᠠᠭᠢᠯᠤᠨ

ᠣᠳᠤ ᠰᠢᠭ ᠭᠢᠯᠠᠯᠵᠠᠨ

ᠣᠷᠴᠢᠯᠠᠩ ᠢ ᠭᠡᠮᠵᠢᠵᠤ ᠶᠠᠪᠤᠭᠰᠠᠨ

ᠣᠳᠤᠳᠠᠢ ᠨᠢᠭᠡᠨ ᠦᠨᠳᠦᠰᠦᠳᠠᠨ ᠤ ᠬᠣᠢ᠌ᠴᠢ

ᠮᠤᠩᠭ᠋ᠤᠯ ᠤᠨ ᠦᠷ᠎ᠡ᠂ ᠭᠦᠤ ᠮᠢᠨᠢ ᠳ᠋ᠡ

ᠬᠤᠷᠸ᠎ᠠ ᠶᠢᠨ ᠵᠠᠢ ᠶᠢ

ᠳᠤᠭᠤᠷᠠᠢ ᠪᠠᠷ ᠭᠡᠮᠵᠢᠵᠤ

ᠬᠤᠯᠠᠳᠬᠤ ᠵᠠᠢ ᠶᠢ

ᠰᠠᠯᠠᠮ᠎ᠠ ᠪᠠᠷ ᠠᠪᠴᠢᠭᠠᠭᠰᠠᠨ

ᠬᠤᠤᠰ ᠦᠭᠡᠶ ᠨᠢᠭᠡᠨ ᠦᠨᠳᠦᠰᠦᠳᠠᠨ

ᠳᠡᠭᠡᠳᠦᠰ ᠴᠢᠨᠢ ᠪᠠᠢ᠌ᠭ᠎ᠠ ᠶᠤᠮ

ᠮᠤᠩᠭ᠋ᠤᠯ ᠦᠷ᠎ᠡ ᠭᠦᠤ ᠮᠢᠨᠢ ᠳ᠋ᠡ

ᠮᠤᠩᠭ᠋ᠤᠯ ᠭᠡᠵᠤ

ᠮᠤᠬᠤᠰᠢ ᠦᠭᠡᠶ ᠵᠤᠷᠢᠭ ᠶᠢᠡᠷ

ᠮᠤᠷᠢᠳᠠᠨ ᠢ ᠮᠤᠬᠤᠭᠠᠭᠰᠠᠨ ᠡᠷᠡᠯᠭᠡᠭ᠌ ᠤᠳ ᠪᠠᠢ᠌ᠭᠰᠠᠨ ᠶᠤᠮ

ᠮᠤᠩᠭ᠋ᠤᠯ ᠭᠡᠵᠤ

ᠮᠤᠷᠤᠢ ᠭᠡᠯᠡᠳᠡᠨ ᠳᠤ

ᠡᠪᠦᠳᠦᠭ᠌ ᠰᠥᠭᠦᠷᠡᠭ᠍ᠰᠡᠨ ᠳᠤᠷᠤᠢ ᠤᠳ ᠪᠠᠢ᠌ᠭᠰᠠᠨ ᠶᠤᠮ

ᠮᠤᠩᠭ᠋ᠤᠯ ᠭᠡᠵᠤ

ᠪᠠᠭᠠᠳᠤᠷ ᠡᠷ᠎ᠡ ᠶᠢᠨ ᠴᠢᠰᠤᠨ ᠳᠡᠭᠡᠷ᠎ᠡ

ᠭᠢᠳᠤᠭᠠᠨ ᠮᠦᠷ ᠢᠷᠯᠠᠵᠤ

ᠳᠡᠮᠳᠡᠭ᠌ ᠪᠣᠯᠭᠠᠵᠤ ᠶᠠᠪᠣᠭᠰᠠᠨ ᠶᠤᠮ

ᠮᠤᠩᠭ᠋ᠤᠯ ᠭᠡᠵᠤ

ᠪᠢᠯᠳᠠᠤᠴᠢ ᠡᠷ᠎ᠡ ᠶᠢᠨ ᠬᠤᠷᠮᠤᠢ ᠳᠡᠭᠡᠷ᠎ᠡ

ᠮᠥᠩᠭᠦ ᠪᠣᠯᠵᠤ ᠣᠭᠢᠯᠠᠵᠤ ᠶᠠᠪᠣᠭᠰᠠᠨ ᠶᠤᠮ

ᠮᠠᠳᠠᠵᠤ ᠠᠪ ᠳ᠋ᠠ᠂ ᠮᠢᠨᠤ ᠭᠦᠤ

ᠮᠤᠩᠭ᠋ᠤᠯ ᠭᠡᠵᠤ

ᠰᠠᠢ᠌ᠬᠠᠨ ᠨᠢᠭᠡᠨ ᠦᠨᠳᠦᠰᠦᠳᠠᠨ ᠪᠠᠢ᠌ᠭ᠎ᠠ ᠶᠤᠮ

ᠭᠦᠭᠡᠷᠦᠭᠦᠨ ᠭᠦᠯ ᠴᠢᠨᠢ ᠶᠠᠪᠣᠵᠤ ᠳᠤᠭᠤᠯᠬᠤ ᠦᠭᠡᠶ

ᠬᠤᠯᠠ ᠶᠢᠨ ᠨᠢᠭᠡᠨ ᠠᠶᠠᠨ ᠪᠠᠢ᠌ᠭ᠎ᠠ ᠶᠤᠮ

ᠥᠰᠦᠭᠡᠳ ᠡᠷ᠎ᠡ ᠪᠣᠯᠬᠤ ᠳᠤ

ᠶᠠᠰᠤ ᠰᠢᠯᠭᠠᠬᠤ ᠳᠠᠯᠠᠪᠣᠷ ᠪᠠᠢ᠌ᠭ᠎ᠠ ᠶᠤᠮ

ᠳᠣᠢ᠌ᠯᠳᠠᠭᠠᠤᠨ ᠶᠠᠳᠠᠬᠤ ᠳᠤ

ᠳᠦᠰᠢᠭᠡᠳ ᠠᠪᠬᠤ ᠳᠠᠶᠠᠭ ᠪᠠᠢ᠌ᠭ᠎ᠠ ᠶᠤᠮ

ᠳᠤᠯᠤᠭᠠᠳ ᠡᠷᠭᠦᠭᠡᠳ ᠠᠪᠬᠤ ᠳᠤ

ᠭᠦᠴᠤ ᠮᠥᠴᠢᠦᠡᠳᠡᠮᠡᠷ ᠡᠭᠦᠷᠭᠡ ᠪᠠᠢ᠌ᠭ᠎ᠠ ᠶᠤᠮ

ᠮᠠᠳᠠᠵᠤ ᠠᠪ ᠳ᠋ᠠ᠂ ᠮᠢᠨᠤ ᠭᠦᠤ

ᠮᠤᠩᠭ᠋ᠤᠯ ᠭᠡᠵᠤ ᠭᠡᠯᠡ ᠳᠤ ᠣᠷᠤᠯ᠎ᠠ

ᠮᠤᠩᠭ᠋ᠤᠯ ᠭᠡᠵᠤ ᠭᠦᠯ ᠳᠤ ᠴᠤ ᠣᠷᠤᠯ᠎ᠠ

ᠮᠤᠩᠭ᠋ᠤᠯ ᠭᠡᠵᠤ ᠭᠦᠮᠤᠨ ᠪᠣᠯᠤᠨ᠎ᠠ

ᠮᠤᠩᠭ᠋ᠤᠯ ᠭᠡᠵᠤ ᠬᠤᠷᠸ᠎ᠠ ᠶᠢ ᠳᠤᠭᠤᠯᠤᠨ᠎ᠠ ᠳ᠋ᠠ᠂ ᠮᠢᠨᠤ ᠭᠦᠤ︕

ᠵᠤᠬᠢᠶᠠᠭᠴᠢ᠄ ᠪᠠ᠊·ᠤᠶᠤᠨᠴᠡᠴᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2008 ᠤᠨ ᠤ 12 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ