ᠨᠡᠪᠲᠡᠷᠡᠨ ᠤᠷᠤᠬᠤ
ᠡᠪᠦᠭᠡᠨ ᠪᠦᠷᠭᠦᠤᠨ ᠤᠨ ᠵᠤᠯᠵᠠᠭ᠎ᠠ

᠊᠊᠊᠊᠊᠊᠊᠊᠊᠊᠊᠊᠊᠊᠊ ᠰᠦᠪᠧᠢ ᠰᠢᠶᠠᠨ ᠤ ᠭᠤᠷᠪᠠᠳᠤᠭᠠᠷ ᠣᠳᠠᠭᠠᠨ ᠤ《ᠮᠥᠩᠭᠡ ᠬᠡᠢ᠌ᠷᠭᠡᠨ》 ᠰᠢᠯᠦᠭ᠌ ᠤᠨ ᠨᠠᠢ᠌ᠷ ᠳᠤ


ᠪᠢ ᠠᠯᠳᠠᠢ ᠶᠢᠨ ᠭᠦᠷᠡᠩ ᠪᠦᠷᠭᠦᠤᠨ

ᠪᠠᠷ᠎ᠠ ᠦᠭᠡᠶ ᠬᠠᠯᠢᠵᠤ ᠣᠳᠤᠭᠰᠠᠨ

ᠡᠪᠦᠭᠡᠨ ᠪᠦᠷᠭᠦᠤᠨ ᠤᠨ ᠵᠤᠯᠵᠠᠭ᠎ᠠ

ᠪᠠᠷᠠᠭᠤᠨ ᠮᠤᠩᠭ᠋ᠤᠯ ᠤᠨ

ᠪᠠᠳᠤ ᠵᠢᠷᠤᠮᠳᠤ《ᠣᠢ᠌ᠷᠠᠤᠨ ᠴᠠᠭᠠᠵᠠ》ᠵᠢ

ᠰᠠᠭᠢᠨ ᠬᠠᠮᠠᠭᠠᠯᠠᠵᠤ ᠶᠠᠪᠣᠭᠰᠠᠨ

ᠬᠠᠳᠠᠨ ᠡᠷ᠎ᠡ ᠶᠢᠨ ᠲᠦᠷᠦᠯ ᠣᠯᠤᠭᠰᠠᠨ ᠰᠦᠨᠠᠰᠤ

ᠬᠠᠨ ᠠᠯᠳᠠᠢ ᠶᠢᠨ ᠭᠦᠷᠡᠩ ᠪᠦᠷᠭᠦᠤᠨ ᠪᠢᠯᠠ︕

ᠣᠯᠠᠨ ᠣᠯᠠᠨ ᠵᠠᠭᠤᠨ ᠤ

ᠣᠷᠰᠢᠭ ᠨᠢᠭᠦᠯ ᠢ

ᠪᠢᠯᠢᠭ᠌ ᠤᠨ ᠬᠠᠷᠠᠭ᠎ᠠ ᠪᠠᠷ ᠠᠵᠢᠵᠤ

ᠪᠠᠶ᠎ᠠ ᠰᠠᠤᠠᠭᠢᠯ ᠤᠨ ᠪᠢᠳᠡᠭᠦᠤ ᠭᠢᠯᠢᠩ ᠳᠤ ᠳᠦᠷᠡᠯᠵᠢᠭ᠍ᠰᠡᠨ

ᠭᠠᠯ ᠰᠢᠭ᠌ ᠪᠣᠰᠤᠭ᠎ᠠ ᠡᠷ᠎ᠡ ᠊᠊᠊᠊᠊᠊᠊᠊᠊᠊᠊᠊᠊᠊᠊

ᠭᠠᠯᠳᠠᠨ ᠪᠣᠱᠤᠭᠳᠤ ᠬᠠᠭᠠᠨ ᠤ

ᠭᠤᠯᠤᠮᠳᠠ ᠶᠢᠨ ᠨᠢᠭᠡ ᠴᠢᠯᠠᠭᠤ

ᠬᠠᠨ ᠠᠯᠳᠠᠢ ᠵᠢᠨ

ᠬᠠᠨᠠᠭᠠᠷ ᠠᠭᠠᠷ ᠢ ᠵᠥᠰᠦᠭ᠍ᠰᠡᠨ

ᠭᠡᠷᠡᠯᠳᠤ ᠨᠢᠭᠡᠨ ᠣᠳᠤ

ᠠᠪᠣ ᠡᠵᠢ ᠶᠢᠨ

ᠠᠮᠢ ᠨᠠᠰᠤᠨ ᠤ ᠵᠠᠯᠭᠠᠰᠤ

ᠠᠯᠳᠠᠨ ᠰᠢᠷ᠎ᠠ ᠽᠠᠠᠪᠣᠯᠢᠩ ᠤᠨ

ᠠᠪᠣᠷᠭᠤ ᠪᠣᠯᠵᠤ ᠳᠦᠷᠦᠭᠡᠤᠨ

ᠬᠤᠪᠳᠤᠭ ᠮᠠᠠᠵᠤ ᠵᠢᠨ

ᠬᠤᠭᠤᠷᠬᠠᠢ ᠭᠦᠭᠡ ᠰᠠᠯᠠᠮ᠎ᠠ ᠵᠢ

ᠭᠦᠡᠳᠡᠯᠡᠨ ᠶᠢᠡᠷ ᠠᠪᠴᠤ ᠵᠠᠯᠭᠢᠭᠰᠠᠨ

ᠭᠦᠷᠡᠩ ᠬᠠᠷ᠎ᠠ ᠪᠦᠷᠭᠦᠤᠨ ᠪᠢᠯᠠ ᠪᠢ᠃

ᠪᠢ ᠳᠡᠭᠡᠭᠦ ᠳ᠋ᠡᠭᠡᠨ

ᠪᠣᠳᠠᠩᠳᠤ ᠳᠡᠭ᠍ᠷᠢ ᠶᠢᠨ ᠬᠠᠭᠠᠰ ᠢ ᠰᠢᠪᠳᠦᠯᠦᠭ᠍ᠰᠡᠨ

ᠲ᠋ᠦᠡᠭ᠌ ᠴᠠᠭᠠᠨ ᠠᠯᠳᠠᠢ ᠶᠢᠨ ᠱᠤᠪᠬᠤ ᠣᠷᠭᠢᠯ ᠳ᠋ᠤ

ᠡᠭᠦᠷ ᠪᠠᠷᠢᠵᠤ ᠨᠤᠳᠤᠭᠯᠠᠭᠰᠠᠨ

ᠡᠪᠦᠭᠡᠨ ᠪᠦᠷᠭᠦᠤᠨ ᠤᠨ

ᠣᠯᠠᠨ ᠵᠤᠯᠵᠠᠭᠠᠨ ᠤ ᠨᠢᠭᠡ ᠨᠢ ᠶᠤᠮ᠃

ᠡᠭᠦᠯᠡ ᠮᠠᠨᠠᠨ ᠤ ᠳᠡᠭᠡᠭᠦᠷ

ᠦᠷ ᠤᠨ ᠴᠠᠢ᠌ᠪᠣᠷ ᠭᠡᠭᠡ ᠰᠠᠮᠤᠷᠴᠤ

ᠡᠷᠭᠡ ᠴᠢᠯᠦᠭᠡᠳᠡᠢ ᠬᠠᠯᠢᠨ ᠱᠤᠩᠪᠠᠭᠰᠠᠨ

ᠡᠮᠢᠶᠡᠵᠤ ᠰᠤᠴᠢᠵᠤ ᠥᠵᠡᠭᠡ ᠥᠭᠡᠢ

ᠡᠯᠪᠠᠭ᠌ ᠳᠠᠩᠰᠤᠭ ᠢ ᠰᠠᠨᠠᠭ᠎ᠠ ᠥᠭᠡᠢ

ᠡᠵᠡᠨ ᠪᠣᠭᠤᠯ ᠢ ᠮᠡᠳᠡᠭᠡ ᠥᠭᠡᠢ

ᠡᠷ᠎ᠡ ᠭᠦᠷᠡᠩ ᠪᠦᠷᠭᠦᠤᠨ ᠪᠢᠯᠠ ᠪᠢ᠃

ᠡᠵᠡᠷᠭᠡᠭ᠌ ᠳᠠᠷᠰ ᠳᠡᠷᠢᠭᠦᠳᠡᠨ

ᠡᠵᠡᠯᠡᠵᠤ ᠨᠤᠶᠠᠯᠠᠵᠤ ᠴᠢᠳᠠᠰᠢ ᠥᠭᠡᠢ

ᠡᠩᠭᠡ ᠶᠢᠨ ᠵᠢᠷᠭᠠᠯᠳᠤ ᠣᠷᠤᠨ ᠢ

ᠡᠨᠡ ᠪᠠᠶ᠎ᠠ ᠪᠠᠷ ᠡᠵᠡᠩᠨᠡᠩᠭᠡᠨ ᠳᠦᠷᠦᠭᠡᠤᠨ

ᠣᠢ᠌ᠤᠠᠬᠠᠷ ᠦᠭᠡᠶ ᠶᠢᠨ ᠢᠳᠠ ᠶᠢ ᠣᠯᠵᠤ

ᠥᠯᠦᠰᠭᠦ ᠦᠭᠡᠶ ᠶᠢᠨ ᠰᠢᠳᠢ ᠶᠢ ᠭᠦᠷᠳᠡᠵᠤ

ᠣᠬᠠᠭᠠᠨ ᠤ ᠶᠡᠭᠡ ᠪᠢᠯᠢᠭ᠌ ᠶᠢᠡᠷ ᠰᠤᠶᠤᠷᠬᠠᠭᠤᠯᠤᠨ

ᠣᠷᠭᠢᠯ ᠪᠦᠭᠦᠨ ᠤ ᠦᠨᠳᠦᠷ ᠢ ᠳᠠᠮᠵᠢᠬᠤ ᠭᠡᠵᠤ

ᠥᠴᠢᠭ᠌ ᠬᠠᠢ᠌ᠯᠤᠩᠬᠠᠨ ᠭᠤᠷᠢᠳᠠᠵᠤ ᠪᠠᠢ᠌ᠨ᠎ᠠ

ᠦᠷᠤᠰᠢᠶᠠᠵᠤ ᠬᠠᠢ᠌ᠷᠠᠯᠠ︕

ᠮᠠᠩᠬᠠᠨ ᠭᠦᠭᠡ ᠳᠡᠭ᠍ᠷᠢ ᠮᠢᠨᠢ

ᠦᠷᠤᠰᠢᠶᠠᠵᠤ ᠬᠠᠢ᠌ᠷᠠᠯᠠ︕

ᠮᠠᠨᠠᠨ ᠴᠠᠭᠠᠨ ᠬᠤᠷᠸ᠎ᠠ ᠮᠢᠨᠢ᠃

ᠪᠢ ᠬᠠᠨ ᠠᠯᠳᠠᠢ ᠶᠢᠨ ᠬᠠᠩᠬᠠᠭᠠᠷ ᠭᠦᠷᠡᠩ ᠪᠦᠷᠭᠦᠤᠨ

ᠪᠠᠢ᠌ᠭᠠᠯᠢ ᠡᠭᠡ ᠶᠢᠨ ᠶᠢᠡᠨ ᠪᠦᠷᠢᠨ ᠡᠷᠭᠡᠳᠤ ᠭᠦᠤ

ᠪᠣᠳᠠᠠᠴᠢᠷ ᠡᠴᠢᠭᠡ ᠶᠢᠨ ᠶᠢᠡᠨ ᠣᠤᠭᠠᠨ ᠵᠤᠯᠵᠠᠭ᠎ᠠ

ᠪᠣᠳᠢ ᠶᠢᠨ ᠣᠷᠤᠨ ᠳᠤ ᠲᠦᠷᠦᠯ ᠠᠷᠠᠯᠵᠢᠭᠰᠠᠨ

ᠪᠣᠷᠬᠠᠨ ᠤ ᠰᠢᠪᠠᠭᠤ ᠪᠢᠯᠠ᠃

ᠴᠠᠭ ᠡᠷᠡᠨ ᠢ ᠵᠠᠭᠤᠨ ᠵᠠᠭᠤ ᠪᠠᠷ ᠡᠯᠡᠭᠡᠵᠤ

ᠴᠠᠯ ᠪᠣᠭᠤᠷᠤᠯ ᠠᠪᠣ ᠶᠢ ᠪᠠᠨ ᠬᠠᠯᠢᠨ ᠳᠠᠯᠠᠢ᠌ᠨ ᠮᠤᠷᠳᠠᠭᠤᠯᠤᠭᠠᠤᠨ

ᠴᠠᠩ ᠰᠠᠪᠰᠠᠷ ᠲᠡᠶ ᠠᠯᠳᠠᠢ ᠶᠢᠨ ᠰᠥᠷᠯᠢᠭ᠌ ᠬᠠᠯᠢᠯ ᠤᠳ ᠡᠴᠡ

ᠴᠠᠯᠭᠢᠶᠠᠯᠠᠵᠤ ᠪᠠᠭᠤᠭᠰᠠᠨ ᠳᠤᠩᠭ᠋ᠠᠯᠠᠭ ᠰᠠᠢ᠌ᠬᠠᠨ ᠭᠤᠤᠯ ᠤᠳ ᠤᠨ

ᠴᠡᠩᠭᠡᠭ᠌ ᠠᠭᠠᠷ ᠤᠨ ᠳᠡᠭᠡᠭᠦᠷ ᠬᠠᠯᠢᠨ ᠨᠢᠰᠤᠨ ᠭᠠᠷᠬᠤ ᠳ᠋ᠠᠭᠠᠨ

ᠴᠢᠩᠭᠦᠨᠵᠡᠪ᠂ ᠡᠡᠮᠦᠷᠰᠡᠨᠠᠭ᠎ᠠ ᠵᠢᠨ

ᠴᠤᠴᠠᠯᠳᠠ ᠦᠭᠡᠶ ᠳᠠᠮᠠᠴᠠᠵᠤ ᠶᠠᠪᠣᠭᠰᠠᠨ

ᠡᠭᠡ ᠣᠷᠤᠠᠴᠢ ᠪᠠᠭᠠᠳᠤᠷᠯᠢᠭ ᠳᠤᠤᠯᠢ ᠬᠠᠢ᠌ᠯᠠᠬᠤ ᠶᠢ ᠰᠤᠨᠤᠰᠤᠯ᠎ᠠ

ᠴᠢᠯᠢᠶᠠᠨ᠂ ᠺᠦᠠᠯᠤᠢᠨ ᠤ ᠴᠠᠰᠤᠳᠤ ᠰᠠᠷᠳᠠᠭ ᠤᠳ ᠤᠨ ᠬᠠᠶᠠᠭ᠎ᠠ ᠪᠠᠷ

ᠴᠢᠯᠦᠭᠡᠳᠡᠢ ᠡᠷᠭᠢᠨ ᠳᠡᠭᠦᠯᠢᠨ ᠶᠠᠪᠣᠬᠤ ᠳᠠᠭᠠᠨ

ᠴᠠᠸᠠᠩᠷᠠᠪᠳᠠᠨ᠂ ᠯᠤᠪᠰᠠᠩᠳᠠᠠᠵᠢᠨ ᠬᠦᠡᠭ᠌ ᠳᠠᠢ᠌ᠵᠢ ᠵᠢᠨ

ᠣᠢ᠌ᠷᠠᠤᠨ ᠤᠨ ᠶᠡᠭᠡ ᠨᠢᠭᠳᠠᠷᠠᠯ ᠳᠤ ᠬᠤᠤᠷ ᠭᠢᠭ᠍ᠰᠡᠨ

ᠭᠦᠨᠦᠭᠡᠯᠳᠤ ᠮᠠᠠᠵᠤ ᠶᠢᠨ ᠴᠠᠪᠴᠢᠭᠰᠠᠨ ᠰᠢᠷᠬ᠎ᠠ ᠶᠢ

ᠭᠠᠰ ᠤᠨ ᠴᠠᠭᠠᠨ ᠳᠠᠷᠠᠰᠤᠨ ᠡᠴᠡ ᠦᠵᠡᠯ᠎ᠠ᠃

ᠪᠢ ᠬᠠᠯᠢᠨ ᠱᠤᠩᠪᠠᠨ ᠣᠳᠤᠬᠤ ᠶᠢ ᠭᠦᠰᠡᠨᠡᠮ

ᠪᠠᠷᠳᠠᠭ᠎ᠠ ᠪᠦᠭᠦᠨ ᠤ ᠬᠠᠮᠤᠭ ᠤᠨ ᠭᠡᠮ ᠣᠷᠤᠭᠤ

ᠪᠠᠢ᠌ᠬᠤ ᠭᠦᠴᠤ ᠪᠠᠨ ᠰᠢᠪᠬᠠᠨ ᠨᠢᠭᠡ ᠳᠠᠭᠠᠷᠢᠭᠠᠤᠨ

ᠪᠠᠷ᠎ᠠ ᠦᠭᠡᠶ ᠴᠠᠢ᠌ᠷᠠᠬᠤ ᠳᠡᠭ᠍ᠷᠢ ᠶᠢᠨ ᠠᠯᠳᠠᠢ ᠳ᠋ᠠᠭᠠᠨ

ᠣᠳᠤ ᠪᠣᠴᠠᠬᠤ ᠪᠣᠯᠤᠯ᠎ᠠ

ᠡᠷᠭᠡ ᠴᠢᠯᠦᠭᠡ᠂ ᠤᠳᠦᠮ ᠣᠭᠰᠠᠭ᠎ᠠ ᠪᠠᠨ

ᠡᠷᠭᠦᠵᠤ ᠳᠡᠩᠭᠡᠷᠡᠭᠦᠯᠭᠦ

ᠡᠷᠡᠨ ᠤ ᠰᠢᠨ᠎ᠠ ᠱᠤᠤᠭᠢᠶᠠᠨ ᠳ᠋ᠤ

ᠡᠴᠦᠰ ᠤᠨ ᠡᠳᠦᠷ ᠪᠣᠯᠳᠠᠯ᠎ᠠ ᠣᠷᠢᠶ᠎ᠠ ᠨᠢᠭᠡ ᠶᠢ ᠨᠠᠮᠠᠵᠤ

ᠡᠪᠦᠭᠡᠨ ᠪᠦᠷᠭᠦᠤᠨ ᠤᠨ ᠥᠭᠦᠳᠡᠯ ᠶᠢᠡᠷ

ᠲ᠋ᠡᠭ᠍ᠷᠢ ᠶᠢᠨ ᠠᠯᠳᠠᠢ ᠳᠠᠭᠠᠨ ᠶᠠᠰᠤ ᠪᠠᠨ ᠳᠠᠯᠪᠢᠨ᠎ᠠ ᠪᠢ᠃

ᠵᠤᠬᠢᠶᠠᠭᠴᠢ᠄ ᠭᠢᠨᠠᠮᠠᠭᠠᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 4292
ᠴᠠᠭ᠄ 2007 ᠤᠨ ᠤ 10 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ