☆ ᠴᠥ᠊·ᠪᠣᠯᠤᠤᠠᠪᠠᠳᠤ
ᠡᠪᠦᠯ ᠤᠨ ᠴᠠᠰᠤ ᠣᠷᠤᠯ᠎ᠠ
ᠥᠨᠡᠭᠡᠨ ᠤ ᠮᠦᠷ ᠮᠦᠷᠳᠡᠳᠡᠭ᠌ ᠡᠪᠦᠭᠡᠳ ᠶᠠᠭᠠᠭᠢᠯ᠎ᠠ
ᠣᠢ᠌ᠯᠠ ᠣᠳᠠᠰᠤ ᠪᠠᠨ ᠪᠠᠷᠢᠳᠠᠭ ᠡᠮᠡᠭᠡᠳ ᠶᠠᠭᠠᠭᠢᠯ᠎ᠠ
ᠣᠢ᠌ᠮᠤᠰᠤ ᠣᠯᠠᠯᠳᠠᠭ ᠭᠠᠷ ᠨᠢᠭᠡ ᠥᠭᠡᠢ᠌ᠯᠡᠭ᠍ᠳᠡᠨ᠎ᠡ
ᠣᠢ᠌ᠯᠠᠵᠤ ᠰᠤᠷ ᠵᠥᠰᠦᠳᠡᠭ᠌ ᠭᠢᠳᠤᠭ᠎ᠠ ᠨᠢᠭᠡ ᠥᠭᠡᠢ᠌ᠯᠡᠭ᠍ᠳᠡᠨ᠎ᠡ᠃
ᠡᠪᠦᠯ ᠣᠷᠤᠯ᠎ᠠ᠂ ᠴᠠᠰᠤ ᠣᠷᠤᠯ᠎ᠠ︕
ᠬᠣᠢ᠌ᠬ᠎ᠠ ᠶᠢᠨ ᠦᠰᠦᠨ ᠳᠤ ᠭᠢᠷᠠᠭᠤ ᠪᠠᠭᠤᠬᠤᠯᠠ
ᠬᠣᠢ᠌ᠮᠤᠷ ᠰᠠᠭᠤᠳᠠᠭ ᠠᠪᠣ ᠮᠢᠨᠢ ᠳᠤᠷᠠᠰᠤᠭᠳᠠᠨ᠎ᠠ᠂
ᠬᠤᠯᠠ ᠶᠢᠨ ᠳᠡᠷᠭᠡᠯ ᠭᠦᠳᠡᠭᠡ ᠪᠠᠨ ᠪᠣᠳᠤᠬᠤᠯ᠎ᠠ
ᠬᠣᠢ᠌ᠷᠮᠠᠭ ᠵᠠᠭᠤᠷᠠᠳᠠᠭ ᠡᠵᠢ ᠮᠢᠨᠢ ᠰᠠᠨᠠᠭᠳᠠᠨ᠎ᠠ᠃
ᠡᠪᠦᠯ ᠣᠷᠤᠯ᠎ᠠ᠂ ᠴᠠᠰᠤ ᠣᠷᠤᠯ᠎ᠠ᠃
ᠠᠰᠠᠷ ᠤᠨ ᠳᠤᠯᠠᠭᠠᠨ ᠳᠤ ᠠᠮᠤᠷ ᠭᠡᠪᠳᠡᠭᠦᠯᠡ
ᠠᠯᠤᠰ ᠲᠤ ᠪᠠᠢ᠌ᠭ᠎ᠠ ᠮᠠᠯᠴᠢᠳ ᠵᠡᠭᠦᠳᠦᠯᠡᠭ᠍ᠳᠡᠨᠡ᠃
ᠠᠰᠠᠭᠠᠭᠰᠠᠨ ᠭᠤᠯᠤᠮᠳᠠ ᠪᠠᠨ ᠮᠠᠨᠠᠶ᠎ᠠ ᠭᠡᠭᠦᠯ᠎ᠡ
ᠠᠷᠠᠭᠠᠯᠵᠢᠨ ᠤ ᠳᠤᠤᠷ ᠰᠢᠭ ᠪᠦᠭᠡᠮᠳᠦᠷ ① ᠵᠡᠭᠦᠭ᠍ᠳᠡᠨᠡ᠃
ᠡᠪᠦᠯ ᠣᠷᠤᠯ᠎ᠠ᠂ ᠴᠠᠰᠤ ᠣᠷᠤᠯ᠎ᠠ᠃
ᠪᠦᠭᠡᠮᠳᠦᠷ ᠊᠊᠊᠊᠊᠊᠊᠊᠊᠊᠊᠊᠊᠊᠊ ᠳᠤᠭᠤᠯ ᠤᠨ ᠪᠦᠴᠠ
2010.12.5
ᠵᠤᠬᠢᠶᠠᠭᠴᠢ ᠶᠢᠨ ᠬᠠᠶᠢᠭ ᠄ ᠬᠤᠪᠣᠭᠰᠠᠢ᠌ᠷᠢ
ᠵᠤᠬᠢᠶᠠᠭᠴᠢ᠄ ᠴᠥ᠊·ᠪᠣᠯᠤᠤᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2010 ᠤᠨ ᠤ 12 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ