ᠨᠡᠪᠲᠡᠷᠡᠨ ᠤᠷᠤᠬᠤ
ᠭᠤᠳᠤᠯ

ᠰᠠᠠᠰᠠᠷ ᠲᠤ ᠤᠢ᠌ᠷᠬᠠᠨ

ᠶ‍ᠢᠷᠳᠢᠠᠴᠤ ᠶᠢᠨ ᠴᠡᠭ᠌ ᠳᠤ

ᠰᠠᠷᠠᠨ ᠤ ᠳᠤᠶᠠᠭ᠎ᠠ ᠪᠠᠷ

ᠵᠡᠭᠦᠤ ᠰᠦᠪᠡᠯᠠᠵᠤ

ᠣᠳᠤᠳ ᠤᠨ ᠭᠡᠭᠡᠨ ᠳᠤ ᠣᠶᠤᠳᠠᠯ ᠡᠭᠢᠯᠡᠭᠦ ᠳ᠋ᠤ

ᠣᠷᠴᠢᠯᠠᠩ ᠤᠨ ᠨᠤᠭᠤᠴᠠ

ᠣᠳᠠᠰᠤ ᠪᠠᠷ ᠨᠠᠷᠢᠰᠤᠨ ᠪᠠᠭᠤᠵᠤ

ᠣᠶᠤᠳᠠᠯᠴᠢᠨ ᠤ ᠭᠠᠷ ᠲᠤ ᠠᠮᠢᠯᠠᠨ᠎ᠠ

ᠪᠠᠶᠠᠨ ᠰᠠᠨᠠᠭ᠎ᠠ ᠣᠷᠠᠨ ᠬᠤᠷᠤᠭᠤᠳ ᠡᠴᠡ

ᠪᠠᠯ ᠤᠨ ᠠᠮᠳᠠᠳᠠᠢ ᠣᠶᠤᠳᠠᠯ ᠴᠡᠴᠡᠭᠯᠡᠭᠦ ᠳ᠋ᠤ

ᠪᠠᠬᠠᠷᠬᠠᠵᠤ ᠰᠤᠭᠳᠤᠭᠰᠠᠨ ᠡᠷᠪᠠᠭᠡᠢ ᠨᠤᠭᠦᠳ

ᠴᠡᠴᠡᠭ᠌ ᠤᠨ ᠭᠡ ᠴᠤᠭᠯᠠᠭᠤᠯᠵᠤ ᠦᠭ‍ᠭᠦᠨ᠎ᠡ

ᠰᠤᠨᠤᠷ ᠣᠶᠤᠨ ᠵᠢᠷᠭᠤᠭᠠᠨ ᠰᠠᠷᠠᠯ ᠳ᠋ᠤᠨᠢ

ᠰᠤᠯᠤᠭᠠᠢ ᠵᠦᠪ ᠢᠯᠭᠠᠬᠤ ᠦᠭᠡᠶ

ᠰᠠᠨᠠᠭ᠎ᠠ ᠳᠠᠭᠠᠭᠰᠠᠨ

ᠰᠠᠢ᠌ᠬᠠᠨ ᠭᠤᠳᠤᠯ ᠣᠶᠤᠭᠳᠠᠨ᠎ᠠ

ᠥᠯᠢᠭᠡᠷ ᠤᠨ ᠶᠤᠮ ᠰᠢᠭ᠌

ᠶ‍ᠢᠷᠳᠢᠠᠴᠤ ᠶᠢᠨ ᠭᠤᠪᠠᠢ ᠦᠬᠢᠳ

ᠥᠩᠭᠡ ᠡᠳ᠋ᠯᠡᠯ ᠭᠤᠴᠤ ᠪᠦᠷᠢᠳᠦᠭᠦᠯᠵᠤ

ᠠᠷᠭ᠎ᠠ ᠪᠢᠯᠢᠭ᠌ ᠣᠷᠠᠨ ᠶᠤᠰᠤ ᠶᠢ

ᠠᠯᠠᠭᠠᠨ ᠡᠴᠡ ᠪᠠᠨ ᠣᠷᠠᠯᠠᠵᠤ

ᠳᠡᠯᠡᠭᠡᠢ ᠳᠤ ᠥᠵᠡᠭᠦᠯᠭᠦ

ᠠᠭᠤᠤ ᠰᠠᠨᠠᠭ᠎ᠠ

ᠣᠷᠠᠨ ᠬᠤᠷᠤᠭᠤ ᠳᠠᠢ

ᠱᠠᠭᠯᠠᠭᠰᠠᠨ ᠪᠠᠭᠢ ᠴᠡᠴᠡᠭ᠌ ᠨᠢ

ᠰᠠᠨᠠᠭ᠎ᠠ ᠠᠯᠳᠠᠬᠤ ᠳᠤ ᠵᠠᠳᠠᠷᠠᠮᠠᠷ

ᠰᠠᠭᠠᠯᠢᠴᠢᠨ ᠨᠠᠭᠢᠰ ᠬᠤᠷᠤᠭᠤᠨ ᠳ᠋ᠤᠨᠢ

ᠰᠢᠭᠦᠳᠡᠷᠢ ᠨᠠᠪᠴᠢᠨ ᠡᠴᠡ ᠪᠠᠨ ᠭᠡᠯᠳᠦᠷᠢᠮᠡᠷ

ᠣᠯᠠᠭᠠᠨ ᠳᠤᠭᠤᠰᠤᠨ ᠡᠴᠡ ᠠᠩᠭᠢᠳᠠ ᠪᠠᠢ᠌ᠳᠠᠭ

ᠡᠩᠭᠦᠷᠡᠢ ᠴᠡᠴᠡᠭ᠌ ᠪᠣᠳᠠᠯᠠᠨ᠎ᠠ

ᠣᠯᠤᠰ ᠡᠴᠡ ᠨᠢᠭᠤᠵᠤ ᠰᠠᠷᠠᠨ ᠳᠤ ᠳᠡᠯᠭᠡᠷᠡᠳᠡᠭ᠌

ᠢᠴᠢᠮᠡᠭᠡᠢ ᠴᠡᠴᠡᠭ᠌ ᠣᠰᠤᠯᠠᠨ᠎ᠠ


ᠡᠭᠦᠯᠡ ᠠᠭᠤᠯᠠ ᠦᠨᠳᠦᠷ ᠲᠤ ᠳᠤᠷᠠᠳᠠᠢ

ᠡᠭᠦᠷᠢᠳᠡ ᠶᠢᠨ ᠭᠦᠭᠡ ᠳᠡᠭ᠍ᠷᠢ ᠳᠤ ᠣᠷᠤᠠᠳᠠᠢ

ᠣᠷᠴᠢᠯᠠᠩ ᠤᠨ ᠣᠶᠤᠮᠠᠯ ᠵᠢᠮ

ᠣᠳᠤᠳ ᠤᠨ ᠰᠢᠭᠢᠦᠡᠭᠡᠮᠡᠯ ᠭᠡᠮ

ᠳᠠᠪᠢᠵᠤ ᠨᠢᠰᠭᠦ ᠶᠢᠨ ᠰᠠᠨᠠᠭ᠎ᠠ

ᠳᠡᠭ᠍ᠷᠢ ᠳᠤ ᠤᠢ᠌ᠷ᠎ᠡ ᠶᠢᠨ ᠶᠤᠰᠤ

ᠡᠭᠦᠯᠡᠨ ᠣᠭᠠᠯᠵᠠ ᠭᠤᠳᠤᠯ ᠤᠨ ᠳᠦᠷᠠᠢ ᠳ᠋ᠤ

ᠡᠷᠳᠡ ᠡᠴᠡ ᠢᠨᠠᠭᠰᠢ ᠭᠤᠭᠴᠤᠭᠠᠷᠠᠭᠰᠠᠨ ᠪᠦᠯᠦᠭᠡ


ᠭᠦᠢᠳᠡᠨ ᠬᠠᠯᠠᠭᠤᠨ ᠰᠡᠯᠭᠦᠭᠦ

ᠬᠠᠩᠭ᠋ᠠᠢ ᠶᠢᠨ ᠳᠦᠷᠪᠡᠨ ᠣᠯᠠᠷᠢᠯ ᠳ᠋ᠠᠭᠠᠨ

ᠬᠤᠭᠤᠷ ᠳᠠᠭᠤᠤ ᠪᠠᠨ ᠡᠷᠭᠦᠭ᠍ᠰᠡᠨ

ᠬᠤᠷᠢᠮ ᠶᠤᠰᠤᠯᠠᠯ ᠨᠠᠭᠠᠳᠤᠮ ᠳ᠋ᠠᠭᠠᠨ

ᠳᠡᠭ᠍ᠷᠢ ᠶᠢᠨ ᠵᠠᠷᠯᠢᠭ ᠲᠤ ᠳᠠᠭᠠᠭᠰᠠᠨ ᠮᠠᠳᠤ

ᠲᠦᠷᠦ ᠶᠢᠨ ᠲᠦᠰᠢᠮᠠᠯ ᠲᠦᠮᠡᠨ ᠡᠭᠡᠯ

ᠳᠡᠭ᠍ᠰᠢ ᠠᠳᠠᠯᠢ ᠪᠠᠷ ᠭᠤᠶᠤᠯᠠᠬᠤ

ᠳᠠᠩᠭᠢᠰ ᠭᠦᠮᠦᠰ ᠤᠨ ᠡᠳ᠋ᠯᠡᠯ

ᠪᠠᠭᠢᠯᠠᠯᠳᠠ ᠭᠡᠮᠡᠷ ᠪᠠᠷᠢᠭᠰᠠᠨ

ᠮᠤᠩᠭ᠋ᠤᠯ ᠬᠠᠶᠠᠭᠠᠳᠤ ᠭᠤᠳᠤᠯ

ᠪᠢᠷ᠎ᠠ ᠡᠷ᠎ᠡ ᠲᠡᠶ ᠭᠦᠮᠦᠰ ᠤᠨ

ᠣᠮᠤᠭ ᠢ ᠳᠦᠰᠢᠭᠦ ᠭᠤᠳᠤᠯ

ᠪᠠᠷᠢᠯᠳᠤᠵᠤ ᠪᠠᠢ᠌ᠯᠳᠤᠬᠤ ᠴᠠᠭ ᠳᠤ

ᠮᠠᠰᠠ ᠪᠣᠯᠬᠤ ᠭᠤᠳᠤᠯ

ᠪᠠᠢ᠌ᠯᠭᠠᠵᠤ ᠥᠪᠯᠡᠭᠦ ᠴᠠᠭ ᠲᠤ

ᠰᠤᠶᠤᠯ ᠪᠣᠯᠬᠤ ᠭᠤᠳᠤᠯ ᠡ


ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ

ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2641
ᠴᠠᠭ᠄ 2010 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ