ᠨᠡᠪᠲᠡᠷᠡᠨ ᠤᠷᠤᠬᠤ
ᠮᠠᠯ ᠤᠨ ᠢᠷᠦᠭᠡᠯ

ᠠᠳᠤᠭᠤᠨ ᠤ ᠴᠢᠨᠤ ᠳᠤᠮᠳᠠ

ᠠᠯᠠᠭ ᠴᠤᠬᠤᠷ ᠭᠠᠷᠳᠠᠭ᠂

ᠠᠯᠠᠭ ᠴᠤᠬᠤᠷ ᠮᠤᠷᠢᠨ ᠡᠴᠡ ᠴᠢᠨᠤ

ᠠᠷᠪᠠᠨ ᠲᠦᠮᠡ ᠪᠠᠷ ᠦᠷᠡᠵᠢᠭ᠌

ᠮᠠᠯ ᠤᠨ ᠴᠢᠨᠤ ᠳᠤᠮᠳᠠ

ᠮᠠᠩᠨᠠᠢ ᠬᠠᠯᠵᠠᠨ ᠭᠠᠷᠳᠠᠭ᠂

ᠮᠠᠩᠨᠠᠢ ᠬᠠᠯᠵᠠᠨ ᠮᠠᠯ ᠡᠴᠡ ᠴᠢᠨᠤ

ᠮᠢᠩᠭ᠋᠎ᠠ ᠲᠦᠮᠡ ᠪᠠᠷ ᠦᠷᠡᠵᠢᠭ᠌

ᠬᠤᠨᠢᠨ ᠤ ᠴᠢᠨᠤ ᠳᠤᠮᠳᠠ ᠡᠴᠡ

ᠬᠤᠩᠰᠢᠶᠠᠷ ᠬᠠᠯᠵᠠᠨ ᠭᠠᠷᠳᠠᠭ᠂

ᠬᠤᠩᠰᠢᠶᠠᠷ ᠬᠠᠯᠵᠠᠨ ᠬᠤᠨᠢᠨ ᠡᠴᠡ ᠴᠢᠨᠤ

ᠬᠤᠷᠢᠨ ᠲᠦᠮᠡ ᠪᠠᠷ ᠦᠷᠡᠵᠢᠭ᠌


ᠵᠤᠬᠢᠶᠠᠭᠴᠢ᠄ ᠤᠶᠤᠨᠭᠡᠷᠡᠯ ᠪᠠᠭᠤᠯᠭᠠᠪᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7483
ᠴᠠᠭ᠄ 2010 ᠤᠨ ᠤ 05 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ