ᠨᠡᠪᠲᠡᠷᠡᠨ ᠤᠷᠤᠬᠤ
ᠠᠪᠣ ᠶᠢᠨ ᠠᠷᠢᠭᠢ

ᠠᠪᠣ ᠮᠢᠨᠢ ᠵᠠᠯᠠᠭᠤ ᠳᠤ ᠪᠠᠨ ᠠᠷᠢᠭᠢᠴᠢᠨ ᠨᠠᠷᠠᠳᠠᠢ᠃ ᠮᠢᠨᠤ ᠨᠢᠯᠬ᠎ᠠ ᠪᠠᠯᠴᠢᠷ ᠣᠶᠤᠨ ᠳᠤ ᠮᠥᠩᠭᠡ ᠬᠳᠠᠩᠰᠢᠭᠰᠠᠨ ᠣᠯᠠᠨ ᠣᠯᠠᠨ ᠳᠤᠷᠠᠳᠬᠠᠯ ᠤᠨ ᠳᠤᠳᠤᠷ᠎ᠠ ᠠᠪᠣ ᠶᠢᠨ ᠠᠷᠢᠭᠢ᠂ ᠰᠢᠯᠢᠨ ᠯᠤᠩᠬᠤ ᠱᠠᠭᠠᠵᠠᠩ ᠬᠤᠠᠳᠠᠭ᠎ᠠ ᠲᠡᠶ ᠪᠠᠨ ᠬᠠᠮᠳᠤ ᠬᠤᠴᠤᠷᠴᠠᠢ᠃ ᠳᠠᠷᠠ ᠦᠶ᠎ᠡ ᠳᠤ ᠠᠪᠣ ᠡᠨᠡ ᠬᠤᠶᠠᠷ ᠲᠤ ᠪᠠᠨ ᠭᠡᠪᠠᠯ ᠡᠭᠡᠨᠡᠷ ᠬᠡᠦᠬᠡᠳ ᠡᠴᠡ ᠪᠠᠨ ᠢᠯᠡᠭᠦᠤ ᠬᠠᠢ᠌ᠷᠠᠳᠠᠢ ᠪᠠᠢ᠌ᠭᠰᠠᠨ ᠭᠡᠭᠦ ᠳᠤ ᠬᠤᠳᠠᠯ ᠪᠢᠰᠢ ᠪᠠᠢ᠌ᠵᠤ ᠮᠠᠳᠠᠨ᠎ᠡ᠃ ᠪᠢᠰᠢ ᠪᠣᠯᠤᠭᠰᠠᠨ ᠴᠤ ᠨᠠᠳᠠ ᠳᠤ ᠡᠢ᠌ᠮᠤ ᠯᠠ ᠰᠠᠭᠤᠭᠳᠠᠯ ᠲᠡᠶ᠃

ᠣᠳᠤ ᠡᠴᠡ ᠭᠤᠴᠢᠨ ᠵᠢᠯ ᠤᠨ ᠡᠮᠤᠨ᠎ᠡ ᠭᠦᠳᠡᠭᠡ ᠭᠠᠵᠠᠷ ᠤᠨ ᠶᠠᠳᠠᠭᠤ ᠠᠢ᠌ᠯ ᠤᠨ ᠬᠡᠦᠬᠡᠳ ᠤᠳ ᠤᠨ ᠬᠠᠮᠤᠭ ᠤᠨ ᠶᠡᠭᠡ ᠪᠠᠶᠠᠷ ᠪᠣᠯ ᠭᠡᠷ ᠲᠤ ᠵᠤᠴᠢᠨ ᠢᠷᠡᠭᠦ ᠪᠣᠯᠤᠨ ᠴᠠᠭᠠᠨ ᠰᠠᠷ᠎ᠠ ᠪᠣᠯᠬᠤ ᠣᠴᠢᠷ ᠪᠣᠯᠤᠨ᠎ᠠ᠂ ᠮᠠᠨ ᠤ ᠦᠶ᠎ᠡ ᠶᠢᠨ ᠭᠢᠨ ᠡᠭᠦᠨ ᠤ ᠣᠴᠢᠷ ᠢ ᠨᠢ ᠭᠡᠯᠡᠭᠦ ᠦᠭᠡᠶ ᠳᠤ ᠮᠠᠳᠠᠨ᠎ᠡ᠃ ᠳᠠᠷᠤᠢ ᠡᠨᠡᠭᠦ ᠵᠠᠪᠰᠢᠶᠠᠨ ᠶᠢᠡᠷ ᠬᠡᠦᠬᠡᠳ ᠤᠳ ᠤᠨ ᠬᠤᠭᠤᠯᠠᠢ ᠶᠢᠨ ᠬᠤᠷᠤᠬᠠᠢ ᠪᠠᠨ ᠭᠦᠭᠡᠭᠡᠨ᠂ ᠬᠤᠳᠤᠭᠤᠳᠤ ᠶᠢᠨ ᠥᠩᠭᠡᠷ ᠶᠢᠡᠨ ᠨᠡᠮᠡᠭ᠍ᠳᠡᠭᠦᠯᠭᠦ ᠨᠢ ᠳᠤᠬᠠᠢ ᠶᠢᠨ ᠦᠶ᠎ᠡ ᠶᠢᠨ ᠬᠠᠮᠤᠭ ᠤᠨ ᠶᠡᠭᠡ ᠵᠢᠷᠭᠠᠯ ᠪᠣᠯᠤᠨ᠎ᠠ᠃ ᠭᠡᠪᠠᠴᠤ ᠮᠠᠨ ᠤ ᠡᠭᠡᠴᠢ ᠳᠡᠭᠦᠤ ᠳᠠᠪᠤᠭᠤᠯᠠ ᠡᠨᠡᠭᠦ ᠵᠢᠷᠭᠠᠯ ᠤᠨ ᠬᠠᠵᠠᠭᠤ ᠳᠤ ᠰᠡᠭᠦᠳᠡᠷ ᠰᠢᠭ᠌ ᠳᠠᠭᠠᠯᠳᠤᠵᠤ ᠪᠠᠢ᠌ᠬᠤ ᠨᠢᠭᠡ ᠵᠤᠪᠠᠭᠤᠷᠢ᠂ ᠠᠪᠣ ᠶᠢᠨ ᠠᠷᠢᠭᠢᠨ ᠠᠭᠠᠰᠢ ᠯᠠᠪ ᠪᠠᠢ᠌ᠬᠤ ᠶᠢ ᠭᠡᠨ ᠨᠢ ᠴᠤ ᠠᠠᠳᠠᠬᠤ ᠦᠭᠡᠶ᠃ ᠣᠳᠤ ᠠᠪᠣ ᠮᠢᠨᠢ ᠠᠷᠢᠭᠢ ᠶᠢ ᠳᠡᠭᠡᠵᠤ ᠡᠳ᠋ᠯᠡᠭᠦ ᠡᠴᠡ ᠭᠡᠳᠥᠢᠨ ᠥᠩᠭᠡᠷᠡᠵᠡᠢ᠃ ᠠᠮᠢᠳᠤᠷᠠᠯ ᠰᠠᠢ᠌ᠵᠢᠷᠠᠭᠰᠠᠨ ᠤ ᠶᠤᠮ ᠦᠦ᠂ ᠦᠷ᠎ᠡ ᠬᠡᠦᠬᠡᠳ ᠨᠢ ᠭᠦᠮᠤᠨ ᠪᠣᠯᠤᠭᠰᠠᠨ ᠤ ᠵᠤᠮ ᠦᠦ᠂ ᠡᠰᠡᠭᠦᠯ᠎ᠡ ᠨᠢ᠋ᠮᠠᠨ ᠳᠡᠭᠦᠤ ᠨᠢ ᠪᠦᠷ ᠡᠭᠦᠳᠡ ᠡᠷᠦᠭᠡ ᠰᠡᠭᠦᠭ᠍ᠰᠡᠨ ᠤ ᠴᠤ ᠪᠣᠯᠪᠠᠤ︖ ᠮᠠᠨ ᠤ ᠳᠠᠪᠣᠭᠤᠯᠠ ᠭᠡᠨ ᠨᠢ ᠴᠤ ᠠᠰᠠᠭᠤᠭᠰᠠᠨ ᠦᠭᠡᠶ᠃

ᠳᠠᠷᠠ ᠦᠶ᠎ᠡ ᠳᠤ ᠠᠪᠣ ᠭᠠᠳᠠᠨ᠎ᠠ ᠠᠷᠢᠭᠢ ᠣᠤᠭᠤᠪᠠᠯ ᠬᠡᠦᠬᠡᠳ ᠤᠨ ᠣᠤᠭᠠᠨ ᠨᠢ ᠪᠣᠯᠤᠭᠰᠠᠨ ᠪᠢ ᠯᠠ ᠡᠵᠢ ᠶᠢᠨ ᠶᠢᠡᠨ ᠵᠠᠭᠢᠶ᠎ᠠ ᠪᠠᠷ ᠠᠪᠣ ᠶᠢᠨ ᠠᠷᠤ ᠡᠴᠡ ᠨᠢ ᠭᠦᠷᠴᠤ ᠠᠢ᠌ᠯ ᠤᠨ ᠠᠪᠠᠭᠠᠢ ᠶᠢᠨ ᠬᠠᠯᠠᠮᠵᠢ ᠶᠢᠨ ᠭᠡᠳᠤᠨ ᠥᠭᠡ ᠪᠠᠷ ᠪᠠᠶ᠎ᠠ ᠪᠠᠨ ᠬᠠᠭᠤᠷᠠᠭᠤᠯᠤᠨ᠂ ᠠᠪᠣ ᠳᠤ ᠪᠠᠨ ᠯᠠ ᠰᠠᠨᠠᠭᠠᠰᠢᠷᠠᠵᠤ᠂ ᠳᠤᠷ᠎ᠠ ᠥᠭᠡᠢ᠌ᠴᠡᠵᠤ᠂ ᠠᠪᠣ ᠶᠢᠨ ᠠᠷᠢᠭᠢᠨ ᠠᠬ᠎ᠠ ᠳᠡᠭᠦᠤ ᠲᠡᠶ ᠪᠠᠨ ᠬᠤᠶᠠᠭᠤᠯᠠ ᠬᠤᠷᠤᠭᠤ ᠵᠢᠮᠠᠯᠴᠠᠨ ᠬᠠᠳᠠᠭᠠᠨᠠᠨ ᠬᠠᠳᠠᠭᠠᠨᠠᠨ ᠬᠤᠠᠳᠠᠭ᠎ᠠ ᠲᠡᠶ ᠪᠠᠨ ᠭᠦᠡᠳᠦᠷᠦᠭᠡᠳ ᠭᠡᠦᠭᠡᠨ ᠨᠠᠮ᠎ᠠ ᠶᠢ ᠪᠠᠨ ᠨᠢᠳᠤᠨ ᠳᠤ ᠪᠠᠨ ᠬᠠᠪᠴᠢᠬᠤ ᠦᠭᠡᠶ ᠳᠤ ᠨᠢ ᠳᠤᠤᠭᠤᠷ ᠳᠡᠭᠡᠭᠦᠷ ᠰᠠᠮ ᠰᠠᠮ ᠭᠦᠯᠥᠢᠨ᠂ ᠠᠢ᠌ᠯ ᠤᠨ ᠠᠪᠠᠭ᠎ᠠ ᠶᠢ ᠴᠤ ᠦᠯᠡᠳᠡᠭᠡᠯ ᠦᠭᠡᠶ ᠠᠮᠠᠨ ᠳᠤ ᠪᠠᠨ ᠵᠥᠭᠡᠨ᠂ ᠪᠣᠰᠤᠨ ᠰᠠᠭᠤᠨ ᠭᠦᠯᠢᠶᠡᠵᠤ ᠪᠠᠢ᠌ᠭᠠᠳ ᠠᠢ᠌ᠯ ᠤᠨ ᠠᠪᠠᠭ᠎ᠠ ᠡᠴᠡ ᠳᠦᠩᠭᠡᠵᠢ ᠰᠠᠯᠤᠭᠰᠠᠨ ᠠᠪᠣ ᠲᠡᠶ ᠪᠠᠨ ᠵᠠᠮ ᠤᠨ ᠦᠷᠭᠡᠨ ᠢ ᠭᠡᠮᠵᠢᠨ ᠨᠠᠰᠢ ᠴᠠᠰᠢ ᠰᠠᠵᠢᠯᠠᠨ ᠭᠠᠩᠬᠤᠭᠰᠠᠭᠠᠷ ᠭᠡᠷ ᠲᠤ ᠪᠠᠨ ᠢᠷᠡᠭᠦ ᠳᠤ ᠡᠵᠢ ᠮᠢᠨᠢ ᠣᠶᠤᠵᠤ ᠪᠠᠢ᠌ᠭᠰᠠᠨ ᠣᠢ᠌ᠯᠠ ᠣᠶᠤᠳᠠᠯ ᠵᠢᠠᠠ ᠰᠠᠠᠳᠤᠷᠤᠨ ᠴᠠᠰᠢ ᠳᠠᠯᠪᠢᠵᠤ ᠠᠪᠣ ᠶᠢ ᠲᠦᠰᠢᠵᠤ ᠳᠤᠯᠤᠭᠰᠠᠭᠠᠷ ᠳᠠᠷ᠎ᠠ ᠳᠤᠯᠤᠭᠠᠢ ᠶᠢ ᠨᠢ ᠨᠡᠢ᠌ᠯᠡᠭᠦᠯᠦᠭᠡᠳ ᠠᠮᠠᠷᠠᠳᠠᠭ᠃ ᠪᠢ ᠴᠤ ᠡᠵᠢ ᠶᠢᠨ ᠶᠢᠡᠨ ᠬᠠᠵᠠᠭᠤ ᠪᠠᠷ ᠵᠠᠰᠠᠭᠰᠠᠨ ᠬᠠᠯᠠᠭᠤᠬᠠᠨ ᠡᠪᠦᠷ ᠲᠤ ᠪᠠᠨ ᠱᠠᠯᠠᠮᠠᠭᠬᠠᠨ ᠰᠢᠷᠭᠤᠯᠠᠨ ᠣᠷᠤᠵᠤ ᠣᠢ᠌ᠯᠠ ᠣᠳᠠᠰᠤᠨ ᠳᠤ ᠪᠠᠨ ᠵᠠᠯᠭᠠᠨ ᠶᠠᠭᠠᠷᠠᠭᠰᠠᠨ ᠡᠵᠢ ᠪᠠᠨ ᠨᠢᠭᠡ ᠬᠠᠷᠠᠨ᠂ ᠦᠳᠡᠰᠢ ᠶᠢᠨ ᠨᠢᠭᠤᠴᠠ ᠶᠢ ᠳᠠᠩᠨᠠᠨ ᠴᠤᠩᠬᠤ ᠪᠠᠷ ᠱᠠᠭᠠᠢ᠌ᠭᠰᠠᠨ ᠣᠳᠤᠳ ᠢ ᠨᠢᠭᠡ ᠰᠢᠷᠳᠠᠨ 《ᠠᠪᠣ ᠭᠦᠮᠤᠨ ᠶᠠᠭᠠᠭᠢᠬᠤ ᠳᠤ ᠪᠠᠨ ᠠᠷᠢᠭᠢᠨ ᠳᠤ ᠡᠢ᠌ᠮᠤ ᠳᠤᠷᠠᠳᠠᠢ ᠪᠠᠢ᠌ᠳᠠᠭ ᠪᠣᠯ ᠡ︖》 ᠭᠡᠵᠤ ᠪᠣᠳᠤᠯᠭᠠᠰᠢᠷᠠᠭᠰᠠᠭᠠᠷ ᠵᠡᠭᠦᠳᠤᠨ ᠶ‍ᠢᠷᠳᠢᠠᠴᠤ ᠲᠡᠶ ᠪᠠᠨ ᠵᠤᠯᠭᠠᠨ᠎ᠠ᠃ ᠳᠠᠷᠠ ᠦᠶ᠎ᠡ ᠳᠤ ᠪᠢ ᠬᠠᠮᠳᠤ ᠰᠤᠷᠤᠭᠴᠢ ᠪᠠᠢ᠌ᠭᠰᠠᠨ ᠬᠠᠰᠳᠤᠶᠠᠭ᠎ᠠ ᠶᠢᠨ ᠠᠪᠣ ᠶᠢ ᠳᠤᠩ ᠪᠢᠰᠢᠷᠡᠳᠡᠭ᠌᠃ ᠬᠠᠰᠳᠤᠶᠠᠭ᠎ᠠ ᠶᠢᠨ ᠠᠪᠣ ᠠᠢ᠌ᠯ ᠤᠨ ᠮᠠᠯ ᠤᠨ ᠡᠮᠴᠢ ᠪᠣᠯᠬᠤᠷ ᠭᠡᠷ ᠭᠡᠷ ᠲᠤ ᠵᠠᠯᠠᠭᠳᠠᠨ ᠭᠦᠷᠴᠤ ᠮᠠᠯ ᠢᠮᠠᠭᠠᠨ ᠤ ᠡᠪᠡᠳᠴᠢᠨ ᠭᠡᠮ ᠢ ᠵᠠᠰᠠᠨ᠂ ᠢᠰᠢᠭᠡ ᠬᠤᠷᠠᠭ᠎ᠠ ᠴᠢᠮᠭᠢᠯᠠᠵᠤ ᠠᠢ᠌ᠯ ᠳᠤ ᠵᠤᠴᠢᠯᠠᠭᠳᠠᠳᠠᠭ᠃ ᠭᠡᠪᠠᠴᠤ ᠶᠠᠷᠤ ᠠᠷᠢᠭᠢ ᠶᠡᠭᠡ ᠣᠤᠭᠤᠳᠠᠭ ᠦᠭᠡᠶ ᠵᠤᠮ᠃ ᠪᠢ ᠬᠠᠰᠳᠤᠶᠠᠭ᠎ᠠ ᠶᠢᠨ ᠠᠪᠣ ᠶᠢᠨ ᠬᠡᠦᠬᠡᠳ ᠪᠣᠯᠤᠭᠰᠠᠨ ᠪᠣᠯ ᠡ ᠭᠡᠵᠤ ᠴᠤ ᠭᠦᠰᠡᠵᠤ ᠥᠩᠭᠡᠷᠡᠭ᠍ᠰᠡᠨ ᠰᠢᠤ ᠳᠠᠷᠠ ᠦᠶ᠎ᠡ ᠳᠤ᠃

ᠠᠪᠣ ᠭᠡᠷᠪᠡ ᠭᠡᠷ ᠲᠤ ᠪᠠᠨ ᠵᠤᠴᠢᠨ ᠵᠠᠯᠠᠵᠤ ᠠᠷᠢᠭᠢ ᠣᠤᠭᠤᠪᠠᠯ ᠡᠵᠢ ᠪᠢᠳᠠ ᠬᠤᠶᠠᠷ ᠤᠨ 《ᠭᠠᠢ ᠵᠤᠪᠠᠯᠠᠩ》 ᠣᠯᠠᠮ ᠨᠡᠮᠡᠭ᠍ᠳᠡᠭᠦ ᠨᠢ ᠳᠠᠷᠠ᠃ ᠰᠢᠷᠡᠭᠡ ᠳᠦᠭᠦᠷᠡᠩ ᠦᠷᠦᠭ᠍ᠳᠡᠭ᠍ᠰᠡᠨ ᠱᠦᠯᠦ ᠲᠡᠶ ᠱᠦᠯᠦ ᠦᠭᠡᠶ ᠨᠤᠭᠤᠭ᠎ᠠ ᠶᠢ ᠡᠵᠢ ᠮᠢᠨᠢ ᠠᠭᠢᠨ ᠳᠠᠭᠢᠨ ᠬᠠᠯᠠᠭᠤᠯᠵᠤ ᠪᠦᠯᠢᠶᠡᠯᠡᠭᠦ ᠶᠢᠨ ᠵᠡᠷᠭᠡ ᠠᠢ᠌ᠯ ᠠᠢ᠌ᠮᠠᠭ ᠤᠨ ᠭᠦᠮᠦᠰ ᠲᠤ ᠪᠠᠨ ᠰᠠᠢ᠌ᠬᠠᠨ ᠴᠢᠷᠠᠢ ᠥᠵᠡᠭᠦᠯᠤᠨ 《ᠮᠢᠬ᠎ᠠ ᠶᠢ ᠨᠢ ᠬᠠᠯᠠᠭᠤᠨ ᠶᠢᠡᠷ ᠢᠳᠠᠵᠤ᠂ ᠠᠷᠢᠭᠢ ᠶᠢ ᠨᠢ ᠡᠷᠢᠶᠡᠯᠡᠯ ᠦᠭᠡᠶ ᠣᠤᠭᠤ》 ᠭᠡᠭ᠍ᠰᠡᠭᠡᠷ ᠨᠠᠰᠢ ᠴᠠᠰᠢ ᠮᠤᠩᠭ᠋ᠠᠨᠢᠬᠤ ᠳᠤ᠂ ᠪᠢ ᠠᠪᠣ ᠶᠢᠨ ᠬᠠᠳᠠᠭᠤ ᠵᠠᠷᠯᠢᠭ ᠶᠢᠡᠷ ᠢᠷᠡᠭ᠍ᠰᠡᠨ ᠭᠡᠢ᠌ᠴᠢᠳ ᠲᠤ ᠪᠠᠨ ᠳᠠᠷᠠᠭᠠᠯᠠᠨ ᠠᠷᠢᠭᠢ ᠭᠡᠮᠨᠡᠵᠤ 《ᠠᠯᠳᠠᠨ ᠶᠤ ᠬᠤᠠᠳᠠᠭᠠᠨ ᠳᠤ ᠪᠠᠨ》 ᠭᠡᠵᠤ ᠡᠭᠢᠯᠡᠭᠦᠯᠦᠭᠡᠳ ᠮᠡᠳᠡᠳᠡᠭ᠌ ᠳᠠᠭᠤᠤ ᠪᠠᠨ ᠪᠠᠷᠠᠭᠠᠭᠠᠤᠨ ᠵᠤᠭᠰᠤᠳᠠᠭ᠃ ᠳᠠᠷᠠ ᠦᠶ᠎ᠡ ᠶᠢᠨ ᠠᠬᠠᠮᠠᠳᠴᠤᠤᠯ ᠠᠷᠢᠭᠢᠨ ᠳᠠᠭᠤᠤ ᠮᠦᠨ ᠡᠰᠡᠭᠦ ᠶᠢ ᠬᠠᠮᠢᠶᠠᠷᠤᠯ ᠦᠭᠡᠶ ᠳᠠᠭᠤᠤ ᠲᠡᠶ ᠯᠠ ᠪᠣᠯ ᠪᠣᠯᠴᠢᠬᠠᠳᠠᠭ ᠪᠠᠢ᠌ᠪᠠ᠃ ᠳᠤᠬᠠᠢ ᠶᠢᠨ ᠦᠶ᠎ᠡ ᠳᠤ ᠳᠠᠳᠠᠨᠠᠷ ᠲᠤ ᠡᠭᠦᠨ ᠡᠴᠡ ᠢᠯᠡᠭᠦᠤ ᠵᠢᠷᠭᠠᠯ ᠲᠡᠶ ᠰᠠᠨᠠᠭᠳᠠᠬᠤ ᠵᠣᠢ᠌ᠯ ᠦᠭᠡᠶ ᠪᠠᠢ᠌ᠬ᠎ᠠ᠃ ᠣᠳᠤ ᠠᠪᠣ ᠶᠢᠨ ᠮᠢᠨᠢ ᠦᠶᠡᠴᠤᠤᠯ ᠠᠪᠣ ᠲᠡᠶ ᠮᠢᠨᠢ ᠠᠳᠠᠯᠢ ᠪᠦᠷ ᠰᠠᠠᠴᠢᠭ ᠪᠣᠭᠤᠷᠤᠯ ᠡᠪᠦᠭᠡᠴᠦᠦᠯ ᠪᠣᠯᠵᠠᠢ᠃ ᠳᠠᠳᠠᠨᠠᠷ ᠬᠡᠳᠦᠢ᠌ᠪᠡᠷ ᠠᠪᠣ ᠲᠡᠶ ᠮᠢᠨᠢ ᠠᠳᠠᠯᠢ ᠠᠷᠢᠭᠢᠴᠢᠨ ᠨᠠᠷ᠎ᠠ ᠦᠭᠡᠶ ᠴᠤ ᠠᠪᠣ ᠡᠴᠡ ᠳᠤᠳᠠᠭᠤ ᠦᠭᠡᠶ ᠠᠷᠢᠭᠢᠴᠢᠨ ᠯᠠ ᠪᠠᠢ᠌ᠪᠠ᠃ ᠡᠢ᠌ᠮᠤ ᠳᠤ ᠯᠠ ᠳᠠᠳᠠ ᠬᠠᠶᠠ ᠬᠠᠶᠠ ᠬᠠᠮᠳᠤ ᠳᠤ ᠪᠠᠨ ᠳᠡᠭᠡᠵᠤ ᠨᠠᠢ᠌ᠷᠯᠠᠯᠳᠤᠳᠠᠭ ᠪᠠᠢ᠌ᠬᠤ ᠦᠭᠡᠶ ᠦᠦ ︕

ᠠᠮᠢᠳᠤᠷᠠᠯ ᠳᠤ ᠭᠦᠮᠤᠨ ᠤ ᠨᠢᠭᠡ ᠭᠦᠢ ᠵᠠᠯᠭᠠᠨ ᠦᠷ᠎ᠡ ᠬᠣᠢ᠌ᠴᠢᠰ ᠶᠢᠡᠨ ᠥᠰᠭᠡᠵᠤ ᠳᠤᠷᠨᠢᠭᠤᠯᠬᠤ ᠳᠤ ᠪᠠᠨ ᠬᠠᠯᠠ ᠵᠥᠳᠡᠭᠦᠷᠢ ᠶᠢ ᠬᠠᠠᠳᠠᠯ᠎ᠠ ᠠᠮᠰᠠᠭᠰᠠᠨ ᠠᠪᠣ ᠮᠢᠨᠢ ᠬᠡᠳᠦᠢ᠌ᠪᠡᠷ ᠠᠷᠢᠭᠢᠴᠢᠨ ᠨᠠᠷ᠎ᠠ ᠶᠢ ᠣᠯᠤᠭᠰᠠᠨ ᠴᠤ ᠵᠢᠯ ᠳᠤ ᠪᠠᠨ ᠳᠤᠭ᠎ᠠ ᠲᠡᠶ ᠯᠠ ᠰᠤᠭᠳᠤᠵᠤ ᠪᠠᠢ᠌ᠪᠠ ᠰᠢᠤ᠃ ᠣᠳᠤ ᠪᠢ ᠪᠠᠭ᠎ᠠ ᠯᠠ ᠪᠣᠯ ᠭᠡᠳᠤᠨ ᠡᠭᠡᠴᠢ ᠳᠡᠭᠦᠤ ᠨᠡᠷ ᠲᠡᠶ ᠪᠠᠨ ᠨᠠᠢ᠌ᠯᠠᠨ ᠳᠤᠭᠰᠢᠨ ᠬᠠᠷ᠎ᠠ ᠪᠢᠰᠢ ᠪᠣᠯ ᠭᠦᠭᠡᠰᠦᠷᠦᠭ᠍ᠰᠡᠨ ᠰᠢᠷ᠎ᠠ ᠪᠠᠨ ᠡᠷᠭᠦᠨ ᠭᠡᠮᠨᠡᠯᠴᠡᠭᠦ ᠪᠦᠷᠢ ᠠᠯᠤᠰ ᠲᠤ ᠰᠠᠭᠤᠭ᠎ᠠ ᠳᠤᠭᠤᠢ ᠪᠣᠯᠪᠠᠴᠤ ᠳᠤᠭᠰᠢᠨ ᠠᠪᠣ ᠪᠠᠨ ᠡᠷᠭᠡ ᠦᠭᠡᠶ ᠰᠠᠨᠠᠨ᠎ᠠ᠃

ᠠᠪᠣ ᠮᠢᠨᠢ ᠳᠤᠷ᠎ᠠ ᠲᠡᠶ ᠦᠶ᠎ᠡ ᠳᠤ ᠪᠠᠨ ᠠᠷᠢᠭᠢᠨ ᠡᠴᠡ ᠪᠠᠨ ᠪᠠᠭ᠎ᠠ ᠪᠠᠭ᠎ᠠ ᠠᠮᠰᠠᠵᠤ ᠪᠠᠶ᠎ᠠ ᠶᠢᠨ ᠴᠢᠯᠡᠭᠡ ᠪᠠᠨ ᠭᠠᠷᠭᠠᠵᠤ ᠪᠠᠢ᠌ᠭᠠᠷᠠᠢ︕ ᠬᠠᠶᠠ ᠵᠠᠷᠢᠮ ᠳᠤ ᠪᠠᠨ ᠪᠠᠶᠠᠷᠠᠳᠠᠢ ᠰᠤᠭᠳᠤᠭᠰᠠᠨ ᠴᠤ ᠶᠠᠭᠠᠮᠠᠢ᠃


ᠵᠤᠬᠢᠶᠠᠭᠴᠢ ᠶᠢᠨ ᠬᠠᠶ‍ᠢᠭ᠄ ᠬᠤᠤᠯᠢᠨ ᠭᠤᠤᠯ

ᠵᠤᠬᠢᠶᠠᠭᠴᠢ᠄ ᠳᠤᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6163
ᠴᠠᠭ᠄ 2010 ᠤᠨ ᠤ 06 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ