ᠨᠡᠪᠲᠡᠷᠡᠨ ᠤᠷᠤᠬᠤ
ᠮᠠᠤᠫᠠᠰᠰᠠᠨ ᠤ 《ᠰᠤᠠᠳᠤᠷ》 ᠊ᠢ ᠰᠤᠷᠬᠤ ᠲᠦᠰᠤᠪ

ᠭᠢᠴᠢᠶᠠᠯ ᠲᠦᠷᠦᠯ ᠄ ᠳᠡᠭᠡᠳᠤ ᠳᠤᠮᠳᠠᠳᠤ ᠶᠢᠨ 《ᠭᠡᠯᠡ ᠪᠢᠴᠢᠭ᠌》 ᠤᠨ ᠵᠠᠪᠠᠯ ᠰᠤᠷᠬᠤ ᠶᠢᠨ ᠳᠦᠷᠪᠠᠳᠦᠭᠡᠷ ᠳᠠᠪᠳᠠᠷ ᠤᠨ ᠮᠠᠤᠫᠠᠰᠰᠠᠨ ᠤ《ᠰᠤᠠᠳᠤᠷ》

ᠰᠤᠷᠬᠤ ᠣᠨ ᠄ ᠳᠡᠭᠡᠳᠤ ᠳᠤᠮᠳᠠᠳᠤ ᠶᠢᠨ ᠬᠤᠶᠠᠳᠤᠭᠠᠷ ᠣᠨ

ᠰᠤᠷᠬᠤ ᠬᠠᠷᠠᠯᠳᠠ ᠄ ᠳᠤᠰ ᠭᠢᠴᠢᠶᠠᠯ ᠶᠢᠡᠷ ᠳᠠᠮᠵᠢᠵᠤ ᠣᠩᠰᠢᠯᠭ᠎ᠠ ᠶᠢᠨ ᠰᠠᠭᠤᠷᠢᠨ ᠳᠡᠭᠡᠷ᠎ᠡ ᠪᠢᠴᠢᠵᠤ ᠢᠯᠡᠳᠭᠡᠭᠦ ᠴᠢᠳᠠᠪᠣᠷᠢ ᠶᠢ ᠪᠣᠯᠪᠠᠰᠤᠷᠠᠭᠤᠯᠤᠨ᠎ᠠ᠃

ᠰᠤᠷᠬᠤ ᠠᠷᠭ᠎ᠠ ᠄ ᠰᠤᠷᠤᠭᠴᠢ ᠪᠠᠶ᠎ᠠ ᠪᠠᠨ ᠳᠠᠭᠠᠭᠠᠵᠤ ᠰᠤᠷᠤᠯᠴᠠᠬᠤ ᠪᠦᠳᠦᠭᠡᠭᠦ ᠦᠵᠡᠯ ᠤᠨ ᠵᠢᠭᠠᠨ ᠰᠤᠷᠭᠠᠯᠳᠠ ᠶᠢᠨ ᠠᠷᠭ᠎ᠠ ᠶᠢ ᠭᠡᠷᠡᠭᠯᠡᠨ᠎ᠡ᠃ ᠳᠤᠰ ᠭᠢᠴᠢᠶᠠᠯ ᠪᠣᠯ ᠣᠷᠴᠢᠭᠤᠯᠭ᠎ᠠ ᠶᠢᠨ ᠵᠤᠬᠢᠶᠠᠯ ᠣᠴᠢᠷ ᠡᠴᠠ ᠣᠢ᠌ᠯᠠᠭᠠᠬᠤ ᠳᠤ ᠭᠢᠯᠪᠠᠷ᠂ ᠪᠠᠭᠰᠢ ᠡᠴᠠ ᠳᠤᠰ ᠭᠢᠴᠢᠶᠠᠯ ᠤᠨ ᠰᠤᠷᠤᠯᠴᠠᠬᠤ ᠡᠭᠦᠷᠭᠡ ᠶᠢ ᠳᠤᠰᠢᠶᠠᠵᠤ᠂ ᠰᠤᠷᠤᠭᠴᠢ ᠥᠪᠠᠷᠳᠡᠭᠡᠨ ᠣᠩᠰᠢᠵᠤ ᠣᠢ᠌ᠯᠠᠭᠠᠨ ᠵᠤᠬᠢᠶᠠᠨ ᠪᠢᠴᠢᠯᠭᠡ ᠶᠢᠨ ᠪᠣᠯᠪᠠᠰᠤᠷᠠᠯ ᠭᠢᠨ᠎ᠡ᠃

ᠰᠤᠷᠬᠤ ᠴᠠᠭ ᠄ ᠬᠤᠶᠠᠷ ᠭᠢᠴᠢᠶᠠᠯ ᠤᠨ ᠴᠠᠭ

ᠨᠢᠭᠡᠳᠦᠭᠡᠷ ᠭᠢᠴᠢᠶᠠᠯ ᠤᠨ ᠴᠠᠭ ᠲᠤ ᠂ ᠰᠤᠷᠤᠯᠴᠠᠬᠤ ᠡᠭᠦᠷᠭᠡ ᠪᠠᠨ ᠳᠠᠨᠢᠬᠤ ᠵᠤᠷᠢᠯᠭ᠎ᠠ ᠲᠡᠶ ᠣᠩᠰᠢᠯᠭ᠎ᠠ ᠭᠢᠵᠤ ᠂ ᠪᠢᠴᠢᠭᠦ ᠵᠣᠢ᠌ᠯ ᠶᠢᠡᠨ ᠰᠤᠩᠭ᠋ᠤᠨ ᠳᠠᠷᠠᠭ᠎ᠠ ᠭᠢᠴᠢᠶᠠᠯ ᠪᠣᠯᠳᠠᠯ᠎ᠠ ᠪᠢᠴᠢᠵᠤ ᠪᠠᠷᠠᠭᠰᠠᠨ ᠪᠠᠢ᠌ᠬᠤ ᠭᠡᠷᠡᠭ᠍ᠳᠡᠢ᠃ ᠬᠤᠶᠠᠳᠤᠭᠠᠷ ᠭᠢᠴᠢᠶᠠᠯ ᠤᠨ ᠴᠠᠭ ᠲᠤ᠂ ᠪᠠᠭᠰᠢ ᠡᠴᠠ ᠪᠢᠴᠢᠭ᠍ᠰᠡᠨ ᠪᠠᠢ᠌ᠳᠠᠯ ᠢ ᠦᠨᠳᠦᠰᠦᠯᠠᠵᠤ ᠦᠨᠡᠯᠠᠯᠳᠠ ᠥᠭ᠍ᠴᠤ᠂ ᠵᠥᠴᠦᠭᠡ ᠪᠣᠯᠭᠠᠨ ᠨᠠᠢ᠌ᠷᠠᠭᠤᠯᠵᠤ ᠪᠢᠴᠢᠭᠦ ᠳᠤ ᠶᠠᠭᠤ ᠶᠢ ᠠᠩᠬᠠᠷᠬᠤ ᠳᠤᠬᠠᠢ ᠪᠣᠳᠠᠳᠠᠢ ᠳᠦᠷᠢᠮᠴᠢ ᠪᠢᠴᠢᠯᠭᠡ ᠪᠠᠷ ᠵᠢᠯᠤᠭᠤᠳᠤᠨ᠎ᠠ ᠃

ᠪᠣᠳᠠᠳᠠᠢ ᠰᠤᠷᠬᠤ ᠶᠠᠪᠣᠴᠠ ᠂ ᠨᠢᠭᠡᠳᠦᠭᠡᠷ ᠭᠢᠴᠢᠶᠠᠯ ᠤᠨ ᠴᠠᠭ ᠂ ᠰᠤᠷᠤᠯᠴᠠᠬᠤ ᠡᠭᠦᠷᠭᠡ ᠂ ᠵᠤᠬᠢᠶᠠᠯ ᠢ ᠣᠩᠰᠢᠭᠰᠠᠨ ᠰᠠᠭᠤᠷᠢᠨ ᠳᠡᠭᠡᠷ᠎ᠡ ᠳᠠᠷᠠᠭᠠᠭᠢ ᠡᠭᠦᠷᠭᠡ ᠨᠤᠭᠦᠳ ᠡᠴᠠ ᠰᠤᠩᠭ᠋ᠤᠵᠤ ᠪᠠᠶᠡᠯᠡᠭᠦᠯ᠃

1.ᠦᠪᠡᠷᠮᠢᠴᠠ ᠦᠵᠡᠯᠳᠠ ᠳᠦᠷᠦᠭ᠍ᠳᠡᠯ ᠶᠢᠡᠨ ᠪᠢᠴᠢᠨ᠎ᠡ ᠃ 2.ᠮᠠᠽᠢᠯᠳ᠋ ᠤᠨ ᠭᠡᠢ ᠭᠤᠷᠢᠳᠠᠯ ᠢ ᠪᠣᠳᠠᠳᠠᠢ ᠪᠣᠯᠭᠠᠵᠤ ᠂ ᠳᠠᠷᠠ ᠠᠮᠢᠳᠤᠷᠠᠯ ᠢ ᠨᠢ ᠡᠳ᠋ᠯᠡᠭᠦᠯᠵᠤ ᠪᠢᠴᠢᠵᠤ ᠥᠵᠡᠭᠡᠷᠡᠢ ᠃ 3. ᠵᠤᠬᠢᠶᠠᠯ ᠳᠤ ᠥᠷᠭᠦᠯᠵᠢᠯᠡᠯ ᠪᠢᠴᠢᠨ᠎ᠡ ᠃ 4. ᠵᠤᠬᠢᠶᠠᠯ ᠢ ᠵᠥᠴᠦᠭᠡ ᠪᠣᠯᠭᠠᠵᠤ ᠨᠠᠢ᠌ᠷᠠᠭᠤᠯᠤᠨ᠎ᠠ ᠃ 5. ᠪᠣᠳᠠᠳᠠᠢ ᠠᠮᠢᠳᠤᠷᠠᠯ ᠳᠤᠮᠳᠠᠭᠢ (ᠮᠠᠨ ᠤ ᠣᠷᠴᠢᠨ ᠳ᠋ᠠᠭᠢ) ᠮᠠᠽᠢᠯᠳ᠋ ᠢ ᠣᠯᠵᠤ ᠵᠤᠬᠢᠶᠠᠯ ᠤᠨ ᠭᠡᠪ ᠨᠠᠮᠪᠠ ᠶᠢ ᠳᠠᠭᠤᠷᠢᠶᠠᠵᠤ ᠪᠢᠴᠢᠵᠤ ᠥᠵᠡᠭᠡᠷᠡᠢ᠃ 6.ᠰᠤᠠᠳᠤᠷ ᠢ ᠭᠡᠭᠡᠭ᠍ᠰᠡᠨ ᠤ ᠳᠠᠷᠠᠭᠠᠭᠢ ᠠᠮᠢᠳᠤᠷᠠᠯ ᠣᠴᠠᠷᠠᠯ ᠢ ᠨᠢ ᠥᠭᠡᠷᠡᠴᠢᠯᠡᠵᠤ ᠪᠢᠴᠢᠵᠤ ᠪᠣᠯᠤᠨ᠎ᠠ᠃

ᠬᠤᠶᠠᠳᠤᠭᠠᠷ ᠭᠢᠴᠢᠶᠠᠯ ᠤᠨ ᠴᠠᠭ ᠄ ᠰᠤᠷᠤᠭᠴᠢ ᠶᠢᠨ ᠪᠢᠴᠢᠭ᠍ᠰᠡᠨ ᠵᠤᠬᠢᠶᠠᠯ ᠳᠤ ᠦᠨᠡᠯᠠᠯᠳᠠ ᠭᠢᠵᠤ᠂ ᠭᠦᠡᠳᠡᠵᠤ ᠳᠡᠢ᠌ᠯᠦᠭ᠍ᠰᠡᠨ ᠦᠭᠡᠶ ᠣᠷᠤᠨ ᠵᠠᠢ ᠵᠥᠭ᠌ ᠭᠦᠳᠦᠯᠵᠤ᠂ ᠤᠷᠡᠨ ᠵᠤᠬᠢᠶᠠᠯ ᠠᠮᠳᠠᠷᠬᠠᠬᠤ ᠮᠡᠷᠭᠡᠵᠢᠯ ᠢ ᠨᠢ ᠳᠡᠭᠡᠭ᠍ᠰᠢᠯᠡᠭᠦᠯᠤᠨ᠎ᠡ ᠃ ᠵᠤᠬᠢᠶᠠᠵᠤ ᠪᠦᠳᠦᠭᠡᠭᠦ ᠶᠠᠪᠣᠴᠠ ᠳᠤ ᠥᠷᠳᠡᠭ᠌ ᠤᠨ ᠦᠵᠡᠯᠳᠠ ᠪᠠᠨ ᠭᠡᠷᠭᠢᠨ ᠢᠯᠡᠷᠡᠭᠦᠯᠭᠦ ᠂ ᠵᠤᠬᠢᠶᠠᠯ ᠪᠦᠳᠦᠭᠡᠯ ᠶᠢᠡᠷ ᠳᠠᠮᠵᠢᠨ ᠣᠩᠰᠢᠭᠴᠢᠳ ᠢ ᠭᠡᠷᠭᠢᠨ ᠨᠥᠯᠦᠭᠡᠯᠡᠭᠦ ᠳᠤᠬᠠᠢ ᠵᠢᠯᠤᠭᠤᠳᠤᠨ᠎ᠠ᠃

ᠨᠢᠭᠡ ᠂ ᠳᠤᠰ ᠵᠤᠬᠢᠶᠠᠯ ᠳ᠋ᠠᠭᠢ ᠳᠦᠷᠢ ᠶᠢᠨ ᠳᠤᠬᠠᠢ ᠳᠠᠨᠢᠯᠳᠠ ᠶᠢ ᠲᠦᠰᠤᠪᠯᠠᠪᠠᠯ ᠄ ᠮᠠᠽᠢᠯᠳ᠋ ᠊᠊᠊᠊᠊᠊᠊᠊᠊᠊᠊᠊᠊᠊᠊ ᠨᠡᠷᠡᠯᠭᠡᠭ᠌ ᠂ ᠦᠨᠡᠠᠴᠢ ᠂ ᠠᠵᠢᠯᠴᠢ ᠂ ᠰᠦᠰᠦ ᠬᠠᠳᠠᠭᠤ ᠂ ᠬᠠᠷᠢᠭᠤᠴᠠᠯᠭ᠎ᠠ ᠲᠡᠢ᠃ ᠯᠦᠸᠠᠼ ᠊᠊᠊᠊᠊᠊᠊᠊᠊᠊᠊᠊᠊᠊᠊ ᠡᠭᠡᠨᠡᠷ ᠲᠤ ᠪᠠᠨ ᠬᠠᠢ᠌ᠷᠠᠳᠠᠢ ᠂ ᠳᠤᠯᠵᠤ ᠢᠷᠡᠭ᠍ᠰᠡᠨ ᠵᠤᠪᠠᠯᠠᠩ ᠢ ᠬᠠᠮᠳᠤ ᠪᠠᠷ ᠳᠤᠭᠤᠯᠵᠤ᠂ ᠦᠨᠡᠠᠴᠢ ᠬᠠᠢ᠌ᠷ᠎ᠠ ᠪᠣᠳᠠᠳᠤ ᠠᠵᠢᠯᠯᠠᠭ᠎ᠠ ᠪᠠᠷ ᠶᠢᠡᠨ ᠭᠡᠷ ᠪᠦᠯᠢ ᠳᠤ ᠪᠠᠨ ᠬᠠᠷᠢᠭᠤᠴᠠᠭᠰᠠᠨ᠃ ᠹᠯᠸᠰᠵ ᠬᠠᠳᠤᠨ ᠊᠊᠊᠊᠊᠊᠊᠊᠊᠊᠊᠊᠊᠊᠊ ᠠᠷᠢᠭᠤᠨ ᠴᠢᠭᠡᠴᠢ᠂ ᠨᠥᠭᠦᠷᠯᠡᠯ ᠳᠤ ᠪᠠᠨ ᠦᠨᠡᠠᠴᠢ᠃

ᠬᠤᠶᠠᠷ ᠂ ᠳᠤᠰ ᠵᠤᠬᠢᠶᠠᠯ ᠤᠨ ᠠᠭᠤᠯᠭ᠎ᠠ ᠰᠠᠨᠠᠭ᠎ᠠ ᠡᠴᠠ ᠦᠪᠡᠷᠮᠢᠴᠠ ᠦᠵᠡᠯᠳᠠ ᠳᠦᠷᠦᠭ᠍ᠳᠡᠯ ᠤᠨ ᠠᠭᠤᠯᠭ᠎ᠠ ᠪᠠ ᠥᠭᠡᠷᠡᠴᠢᠯᠡᠵᠤ ᠪᠢᠴᠢᠭᠦ᠂ ᠵᠠᠯᠭᠠᠵᠤ ᠪᠢᠴᠢᠭᠦ ᠵᠡᠷᠭᠡ ᠶᠢᠨ ᠣᠤᠠᠬ᠎ᠠ ᠰᠠᠳᠤᠪ ᠢ ᠲᠦᠰᠤᠪᠯᠠᠪᠠᠯ ᠄ 1.ᠭᠦᠳᠡᠯᠮᠦᠷᠢ ᠠᠯᠢᠪᠠ ᠶᠢ ᠪᠦᠳᠦᠭᠡᠨ᠎ᠡ᠃ ᠵᠢᠩᠭᠢᠨᠢ ᠭᠦᠮᠤᠨ ᠪᠣᠯᠵᠤ ᠳᠠᠪᠳᠠᠭᠳᠠᠬᠤ ᠳᠤ ᠡᠢ᠌ᠮᠤ ᠯᠠ ᠰᠢᠷᠭᠠᠭᠤ ᠭᠦᠳᠡᠯᠮᠦᠷᠢ ᠭᠡᠷᠡᠭ᠍ᠳᠡᠢ ᠃ ᠭᠦᠮᠤᠨ ᠤ ᠣᠭ ᠰᠠᠨᠠᠭ᠎ᠠ ᠪᠠ ᠪᠣᠳᠠᠳᠤ ᠠᠬᠤᠢ᠂ ᠭᠦᠰᠡᠯ ᠰᠢᠨᠤᠯ ᠪᠠ ᠬᠤᠷᠢᠭ᠎ᠠ ᠴᠡᠭᠡᠷ ᠵᠦᠷᠢᠴᠠᠯᠳᠤᠪᠠᠴᠤ ᠬᠠᠰᠢᠯᠠ ᠪᠣᠳᠠᠳᠤ ᠠᠵᠢᠯᠯᠠᠭ᠎ᠠ ᠴᠢᠬᠤᠯᠠ᠃ 2. ᠡᠳ᠋ ᠪᠣᠳᠠᠰ ᠤᠨ ᠭᠦᠭᠡᠭᠡᠴᠡᠯᠳᠦᠯ ᠠᠬᠠᠳᠠᠪᠠᠯ ᠣᠶᠤᠨ ᠰᠠᠨᠠᠭᠠᠨ ᠤ ᠵᠤᠪᠠᠭᠤᠷᠢ ᠶᠢ ᠠᠪᠴᠢᠷᠠᠨ᠎ᠠ᠃ 3. ᠠᠮᠢᠳᠤᠷᠠᠯ ᠳᠤ ᠪᠠᠨ ᠭᠡᠨᠡᠳᠲᠡ ᠶᠢᠨ ᠴᠤᠭᠢᠯᠳᠠ ᠳᠤ ᠣᠴᠠᠷᠠᠭᠰᠠᠨ ᠴᠤ ᠭᠦᠮᠤᠨ ᠮᠦᠰᠤ᠂ ᠨᠠᠷ᠎ᠠ ᠭᠦᠡᠳᠤ ᠪᠠᠨ ᠬᠠᠮᠠᠭᠠᠯᠠᠬᠤ ᠭᠡᠷᠡᠭ᠍ᠳᠡᠢ᠃ 4. ᠦᠨᠡᠠᠴᠢ ᠬᠠᠢ᠌ᠷ᠎ᠠ ᠪᠠ ᠴᠢᠭᠡᠴᠢ ᠨᠥᠭᠦᠷᠯᠡᠯ ᠤᠨ ᠡᠷᠭᠢᠮ᠃

ᠭᠤᠷᠪᠠ ᠂ ᠵᠥᠴᠦᠭᠡ ᠪᠣᠯᠭᠠᠵᠤ ᠥᠭᠡᠷᠡᠴᠢᠯᠡᠵᠤ ᠪᠢᠴᠢᠭᠦ ᠳᠤ ᠰᠤᠷᠤᠭᠴᠢ ᠭᠦᠴᠢᠷᠳᠡᠭᠦ ᠪᠣᠯᠤᠯᠴᠠᠭ᠎ᠠ ᠶᠡᠭᠡ ᠳᠤᠯᠠ ᠪᠠᠭᠰᠢ ᠡᠴᠠ ᠳᠤᠰᠬᠠᠢ᠌ᠯᠠᠨ ᠳᠦᠷᠢᠮᠴᠢ ᠪᠢᠴᠢᠯᠭᠡ ᠪᠠᠷ ᠵᠢᠯᠤᠭᠤᠳᠤᠨ᠎ᠠ ᠃ ᠵᠥᠴᠦᠭᠡ ᠶᠢᠨ ᠵᠤᠬᠢᠶᠠᠯ ᠪᠣᠯ ᠳᠠᠢ᠌ᠰᠠᠨ ᠳᠡᠭᠡᠷ᠎ᠡ ᠳᠤᠭᠯᠠᠬᠤ ᠣᠷᠠᠯᠢᠭ ᠣᠴᠢᠷ ᠡᠴᠠ ᠵᠥᠴᠦᠭᠡ ᠶᠢᠨ ᠭᠦᠮᠤᠨ᠂ ᠣᠢ᠌ᠯᠠ ᠶᠠᠪᠣᠳᠠᠯ᠂ ᠵᠦᠷᠢᠴᠠᠯ ᠮᠥᠷᠭᠦᠯᠳᠦᠭᠡᠨ ᠢ ᠳᠦᠪᠯᠡᠷᠡᠭᠦᠯᠤᠨ ᠢᠯᠡᠷᠡᠭᠦᠯᠵᠤ ᠳᠡᠢ᠌ᠯᠭᠦᠢᠴᠡ ᠳᠠᠯᠠᠪᠣᠷ ᠢ ᠰᠤᠩᠭ᠋ᠤᠬᠤ ᠭᠡᠷᠡᠭ᠍ᠳᠡᠢ ᠭᠡᠳᠡᠭ᠌ ᠢ ᠰᠤᠷᠤᠭᠴᠢ ᠳᠤ ᠮᠡᠳᠡᠭᠦᠯᠤᠨ᠎ᠡ ᠃

ᠪᠠᠭᠰᠢ ᠶᠢᠨ ᠳᠦᠷᠢᠮᠴᠢ ᠪᠢᠴᠢᠯᠭᠡ

ᠰᠤᠠᠳᠤᠷ (ᠵᠥᠴᠦᠭᠡ ᠪᠣᠯᠭᠠᠵᠤ ᠨᠠᠢ᠌ᠷᠠᠭᠤᠯᠤᠭᠰᠠᠨ ᠨᠢ) ᠭᠠᠵᠠᠷ᠄ ᠭᠦᠭ᠍ᠵᠢᠶᠡᠡᠳᠤ ᠴᠡᠴᠡᠷᠯᠢᠭ᠌

ᠴᠠᠭ᠄ ᠭᠠᠷᠠᠭ ᠤᠨ ᠡᠳᠦᠷ

ᠭᠦᠮᠤᠨ᠄

ᠮᠠᠽᠢᠯᠳ᠋ (ᠮᠡᠳᠡᠭ᠍ᠳᠡᠭᠦᠢᠴᠡ ᠭᠦᠭ᠍ᠰᠢᠷᠡᠭ᠍ᠰᠡᠨ ᠰᠢᠠᠵᠢ ᠲᠡᠶ᠂ ᠦᠰᠦ ᠪᠠᠨ ᠬᠠᠰᠢ ᠶᠠᠰᠢ ᠣᠷᠢᠶᠠᠵᠤ ᠂ ᠠᠯᠴᠢᠭᠤᠷ ᠶᠢᠡᠨ ᠭᠡᠯᠳᠡᠭᠡᠢ ᠬᠠᠵᠠᠭᠠᠢ ᠪᠣᠭᠤᠭᠰᠠᠨ ᠮᠤᠠᠴᠤᠭᠤᠷ ᠭᠦᠷᠢᠨ ᠭᠠᠷ ᠲᠡᠶ ᠶᠠᠳᠠᠭᠤ ᠭᠡᠷ ᠤᠨ ᠭᠦᠳᠡᠷ ᠴᠢᠭᠢᠷᠠᠭ ᠭᠦᠳᠡᠯᠮᠦᠷᠢᠴᠢ ᠪᠦᠰᠡᠭᠦᠢ ᠶᠢᠨ ᠪᠠᠢ᠌ᠳᠠᠯ ᠲᠡᠶ)

ᠭᠡᠦᠭᠡᠤᠨ ᠳᠠᠭᠠᠭᠤᠯᠤᠭᠰᠠᠨ ᠹᠯᠸᠰᠵ ᠬᠠᠳᠤᠨ (ᠰᠠᠤᠠᠭᠢᠯ ᠭᠦᠳᠡᠯᠭᠡᠮ᠎ᠡ ᠰᠠᠢ᠌ᠬᠠᠨ᠂ ᠵᠠᠯᠠᠭᠤ ᠭᠡᠪ ᠶᠢᠡᠷ ᠶᠢᠡᠨ ᠪᠠᠢ᠌ᠭ᠎ᠠ ᠢᠵᠠᠭᠤᠷᠳᠠᠨ ᠤ ᠡᠷᠭᠢᠮᠰᠦᠭ᠌ ᠬᠠᠳᠤᠭᠳᠠᠢ)

ᠮᠠᠽᠢᠯᠳ᠋᠄ ᠴᠢ ᠰᠠᠢ᠌ᠨ ᠦᠦ ᠵᠢᠶᠡᠨᠨᠧ

ᠹᠯᠸᠰᠵ ᠬᠠᠳᠤᠨ᠄ (ᠭᠠᠢ᠌ᠬᠠᠨ) ᠭᠡᠪᠠᠴᠤ᠁ ᠬᠠᠳᠤᠭᠳᠠᠢ᠁ ᠪᠢ ᠳᠠᠨ ᠢ ᠳᠠᠨᠢᠬᠤ ᠦᠭᠡᠶ᠁ ᠴᠢ ᠯᠠᠪ ᠠᠠᠳᠠᠭᠤᠷᠠᠭ᠎ᠠ ᠪᠢᠵᠠ

ᠮᠠᠽᠢᠯᠳ᠋᠄ ᠠᠠᠳᠠᠭᠤᠷᠠᠭ᠎ᠠ ᠦᠭᠡᠶ᠂ ᠪᠢ ᠮᠠᠽᠢᠯᠳ᠋ ᠯᠦᠸᠠᠼᠢ ᠮᠦᠨ᠃

ᠹᠯᠸᠰᠵ ᠬᠠᠳᠤᠨ᠄ (ᠬᠠᠰᠭᠢᠷᠴᠤ ᠠᠪᠣᠭᠠᠤᠨ) ᠡᠨ ᠮᠢᠨᠤ ᠭᠦᠭᠡᠷᠦᠭᠦᠢ ᠮᠠᠽᠢᠯᠳ᠋᠂ ᠴᠢ ᠶᠠᠭᠠᠭᠢᠭᠠᠤᠨ ᠡᠢ᠌ᠮᠤ ᠪᠣᠯᠴᠢᠬᠠᠪᠠ

ᠮᠠᠽᠢᠯᠳ᠋᠄ ᠳᠠᠢ᠌ᠮᠤ ᠡ ᠂ ᠣᠯᠠᠨ ᠵᠢᠯ ᠠᠭᠤᠯᠵᠠᠭᠰᠠᠨ ᠦᠭᠡᠶ᠂ ᠡᠳᠡᠭᠡᠷ ᠵᠢᠯ ᠤᠳ ᠲᠤ ᠪᠢ ᠭᠠᠰᠢᠭᠤᠨ ᠵᠥᠳᠡᠭᠦᠷᠢ ᠶᠢ ᠵᠥᠩᠳᠡᠭᠡᠨ ᠠᠮᠰᠠᠯ᠎ᠠ ᠂ ᠬᠠᠷᠢᠨ ᠴᠦᠮ ᠴᠢᠨᠤ ᠣᠴᠢᠷ ᠶᠢᠡᠷ ᠰᠢᠤ

ᠹᠯᠸᠰᠵ ᠬᠠᠳᠤᠨ᠄ (ᠰᠤᠴᠢᠵᠤ) ᠮᠢᠨᠤ ᠣᠴᠢᠷ ᠭᠡᠨ᠎ᠡ ᠡᠨᠡ ᠶᠠᠭᠤ ᠭᠡᠰᠡᠨ ᠥᠭᠡ ᠪᠣᠢ

ᠮᠠᠽᠢᠯᠳ᠋᠄ (ᠳᠠᠢ᠌ᠪᠣᠭᠤᠬᠠᠨ ᠶᠢᠡᠷ) ᠴᠢ ᠨᠠᠳᠠ ᠳᠤ ᠵᠢᠭᠡᠯᠡᠭᠦᠯᠵᠤ ᠦᠭ‍ᠭᠦᠭ᠍ᠰᠡᠨ ᠳᠠᠷᠠ ᠰᠤᠠᠳᠤᠷ ᠶᠢᠡᠨ ᠮᠠᠷᠳᠠᠭ᠎ᠠ ᠦᠭᠡᠶ ᠪᠢᠵᠠ ᠰᠤᠷᠭᠠᠨ ᠭᠦᠮᠦᠵᠢᠯ ᠤᠨ ᠶᠠᠮᠤᠨ ᠤ ᠥᠳᠡᠰᠢᠯᠡᠭᠡ ᠳᠤ ᠣᠴᠢᠬᠤ ᠳᠤ ᠮᠢᠨᠤ ᠵᠡᠭᠦᠭ᠍ᠰᠡᠨ ᠳᠠᠷᠠ ᠰᠤᠠᠳᠤᠷ᠃

ᠹᠯᠸᠰᠵ ᠬᠠᠳᠤᠨ ᠄ ᠮᠠᠷᠳᠠᠭ᠎ᠠ ᠦᠭᠡᠶ᠃ ᠶᠠᠭᠠᠭᠢᠪᠠ

ᠮᠠᠽᠢᠯᠳ᠋ ᠄ ᠶᠠᠭᠠᠭᠢᠪᠠ ᠭᠡᠨ᠎ᠡ ᠪᠢ ᠳᠡᠭᠦᠨ ᠢ ᠴᠢᠨᠢ ᠭᠡᠭᠡᠴᠢᠭᠡᠭ᠍ᠰᠡᠨ᠃

ᠹᠯᠸᠰᠵ᠄ (ᠳᠤᠯᠤᠭᠠᠢ ᠪᠠᠨ ᠰᠠᠵᠢᠵᠤ ᠦᠯᠦ ᠢᠳᠡᠭᠡᠭ᠍ᠰᠡᠨ ᠪᠠᠢ᠌ᠳᠠᠯ ᠲᠡᠶ) ᠬᠠᠮᠢᠭ᠎ᠠ ᠡᠴᠠ ᠳ᠋ᠠ ᠴᠢ ᠭᠡᠵᠢᠶᠡᠨᠡᠢ ᠨᠠᠳᠠ ᠳᠤ ᠪᠣᠴᠠᠭᠠᠭᠠᠤᠨ ᠥᠭ᠍ᠴᠢᠭᠡᠭ᠍ᠰᠡᠨ ᠪᠢᠰᠢ ᠦᠦ ᠃

ᠮᠠᠽᠢᠯᠳ᠋ ᠄ ᠮᠢᠨᠤ ᠴᠢᠮ᠎ᠠ ᠳᠤ ᠪᠣᠴᠠᠭᠠᠵᠤ ᠦᠭ‍ᠭᠦᠭ᠍ᠰᠡᠨ ᠨᠢ ᠥᠭᠡᠷ᠎ᠡ ᠨᠢᠭᠡ ᠂ ᠴᠢᠨᠤᠭᠢ ᠲᠡᠶ ᠡᠭᠡᠭᠡ ᠠᠳᠠᠯᠢ ᠶᠤᠮ ᠃ ᠳᠠᠨ ᠤ ᠰᠤᠠᠳᠤᠷ ᠢ ᠨᠢᠭᠡ ᠭᠠᠷᠠᠭ ᠬᠣᠢ᠌ᠰᠢᠯᠠᠭᠤᠯᠵᠤ ᠪᠣᠴᠠᠭᠠᠭᠰᠠᠨ ᠢ ᠴᠡᠭᠡᠵᠢᠯᠡᠵᠤ ᠪᠠᠢ᠌ᠭ᠎ᠠ ᠪᠢᠵᠠ ᠪᠢ ᠳᠠᠨ ᠤ ᠰᠤᠠᠳᠤᠷ ᠢ ᠥᠳᠡᠰᠢᠯᠡᠭᠡ ᠡᠴᠠ ᠪᠣᠴᠠᠬᠤ ᠵᠠᠮ ᠳᠤ ᠪᠠᠨ ᠭᠡᠭᠡᠴᠢᠭᠡᠭ᠍ᠰᠡᠨ᠃ ᠳᠡᠭᠡᠭᠡᠤᠨ ᠴᠠᠭᠳᠠᠭᠠᠨ ᠳᠢᠩᠭᠢᠮ ᠂ ᠡᠯ᠎ᠡ ᠰᠤᠨᠢᠨ ᠤ ᠭᠠᠵᠠᠷ᠂ ᠱᠠᠩ ᠵᠠᠷᠯᠠᠨ ᠡᠷᠢᠭᠦᠯᠭᠦ ᠵᠡᠷᠭᠡ ᠥᠴᠦᠭᠡᠨ ᠴᠤ ᠭᠡᠰᠡᠨ ᠭᠤᠷᠢᠳᠠᠯᠭ᠎ᠠ ᠪᠦᠭᠦᠢ ᠭᠠᠵᠠᠷ ᠢ ᠴᠤ ᠥᠯᠡᠳᠡᠭᠡᠯ ᠦᠭᠡᠶ ᠨᠢᠭᠡ ᠭᠠᠷᠠᠭ ᠡᠷᠢᠭ᠍ᠰᠡᠨ ᠪᠣᠯᠪᠠᠴᠤ ᠣᠯᠤᠭᠰᠠ ᠦᠭᠡᠶ ᠶᠤᠮ᠃ ᠡᠴᠦᠰ ᠲᠤ ᠪᠠᠨ ᠬᠠᠭᠠᠨ ᠤ ᠣᠷᠳᠤᠨ ᠤ ᠭᠤᠳᠤᠮᠵᠢᠨ ᠤ ᠨᠢᠭᠡ ᠫᠦᠰᠡᠨ ᠡᠴᠠ ᠶᠠᠭ ᠠᠳᠠᠯᠢᠬᠠᠨ ᠨᠢᠭᠡ ᠠᠯᠮᠠᠰ ᠡᠷᠳᠡᠨᠢ ᠶᠢᠨ ᠰᠤᠠᠳᠤᠷ ᠳᠠᠭᠠᠷᠠᠯᠳᠤᠬᠤ ᠳᠤ ᠦᠨ᠎ᠡ ᠬᠠᠶᠠᠯᠴᠠᠵᠤ ᠪᠠᠢ᠌ᠭᠠᠤᠨ ᠭᠤᠷᠪᠠᠨ ᠲᠦᠮᠡ ᠵᠢᠷᠭᠤᠭᠠᠨ ᠮᠢᠩᠭ᠋ᠠᠨ ᠹᠷᠠᠩᠺ ᠪᠣᠯᠭᠠᠪᠠ ᠃ ᠳᠡᠭᠡᠭᠡᠤᠨ ᠵᠡᠩᠭᠦᠢᠳᠡ ᠳᠤ ᠭᠤᠷᠪᠠᠨ ᠡᠳᠦᠷ ᠤᠨ ᠳᠤᠳᠤᠷ᠎ᠠ ᠪᠣᠤ ᠬᠤᠳᠠᠯᠳᠤᠭᠠᠷᠠᠢ ᠭᠡᠵᠤ ᠭᠤᠶᠤᠭᠠᠤᠨ ᠂ ᠯᠦᠸᠠᠼ ᠶᠢᠨ ᠡᠴᠢᠭᠡ ᠶᠢᠨ ᠭᠢᠨᠢ ᠥᠯᠡᠳᠠᠭᠡᠵᠤ ᠦᠭ‍ᠭᠦᠭ᠍ᠰᠡᠨ ᠲᠦᠮᠡ ᠨᠢ᠋ᠮᠠᠨ ᠮᠢᠩᠭ᠋ᠠᠨ ᠹᠷᠠᠩᠺ ᠡᠴᠠ ᠪᠣᠰᠤᠳ ᠢ ᠨᠢ ᠪᠦᠷ ᠡ᠊ᠨᠳᠡ ᠳᠠᠠᠳᠠ ᠡᠴᠠ ᠵᠢᠭᠡᠯᠡᠵᠤ ᠳᠠᠮᠵᠢᠵᠤ ᠪᠠᠢ᠌ᠮᠠᠨ ᠪᠦᠭᠦ ᠵᠤᠭᠤᠰ ᠢ ᠭᠦᠢᠴᠡᠭᠡᠵᠤ ᠳᠠᠷᠠ ᠰᠤᠠᠳᠤᠷ ᠢ ᠬᠤᠳᠠᠯᠳᠤᠵᠤ ᠠᠪᠣᠭᠰᠠᠨ ᠰᠢᠤ ᠳ᠋ᠠ᠃ ᠪᠠᠰᠠ ᠪᠢᠳᠠ ᠬᠤᠶᠠᠷ ᠰᠠᠷ᠎ᠠ ᠶᠢᠨ ᠳᠤᠳᠤᠷ᠎ᠠ ᠣᠭ ᠤᠨ ᠰᠤᠠᠳᠤᠷ ᠶᠢᠡᠨ ᠣᠯᠪᠠᠯ ᠵᠡᠩᠭᠦᠢ᠌ᠳᠡ ᠡᠴᠠ ᠣᠭ ᠤᠨ ᠦᠨ᠎ᠡ ᠪᠠᠷ ᠶᠢᠡᠨ ᠪᠣᠴᠠᠭᠠᠵᠤ ᠬᠤᠳᠠᠯᠳᠤᠵᠤ ᠠᠪᠬᠤ ᠭᠡᠷ᠎ᠡ ᠳᠤᠭᠳᠠᠭᠰᠠᠨ ᠶᠤᠮ ᠃

ᠹᠯᠸᠰᠵ ᠄ (ᠵᠤᠭᠰᠦᠰᠭᠢᠭᠡᠤᠨ ᠂ ᠨᠢᠳᠤ ᠪᠠᠨ ᠪᠦᠯᠳᠡᠢ᠌ᠯᠭᠡᠨ) ᠨᠢᠭᠡ ᠠᠯᠮᠠᠰ ᠡᠷᠳᠡᠨᠢ ᠶᠢᠨ ᠰᠤᠠᠳᠤᠷ ᠬᠤᠳᠠᠯᠳᠤᠵᠤ ᠠᠪᠣᠭᠠᠤᠨ ᠮᠢᠨᠤᠭᠢ ᠶᠢ ᠳᠦᠯᠦᠭ᠍ᠰᠡᠨ ᠭᠡᠵᠤ ᠴᠢ ᠭᠡᠯᠡᠪᠡ ᠦᠦ

ᠮᠠᠽᠢᠯᠳ᠋ ᠄ (ᠬᠠᠨᠤᠮᠵᠢᠳᠠᠢ᠌ᠬᠠᠨ ᠢᠨᠢᠶᠡᠭᠡᠤᠨ) ᠳᠠᠢ᠌ᠮᠤ᠂ ᠳᠠᠢ᠌ᠮᠤ ᠃ ᠴᠢ ᠳᠠᠷᠠ ᠦᠶᠡᠰ ᠮᠡᠳᠡᠭ᠍ᠰᠡᠨ ᠦᠭᠡᠶ ᠭᠡᠵᠢ ᠦᠦ ᠢᠭᠡᠷ᠎ᠡ ᠰᠢᠭ᠌ ᠶᠤᠮ ᠴᠢᠨᠢ ᠳ᠋ᠠ᠃ ᠪᠢᠳᠠ ᠠᠷᠪᠠᠨ ᠵᠢᠯ ᠤᠨ ᠭᠦᠴᠤ ᠭᠦᠳᠡᠯᠮᠦᠷᠢ ᠪᠠᠷ ᠳᠡᠭᠦᠨ ᠤ ᠦᠷᠢ ᠶᠢ ᠰᠠ‍‌ᠶᠢ ᠲᠦᠯᠦᠵᠤ ᠳᠠᠭᠤᠰᠤᠯ᠎ᠠ ᠰᠢᠤ᠃ ᠴᠢ ᠪᠣᠳᠤ ᠳ᠋ᠠ᠂ ᠪᠢᠳᠠᠨ ᠳᠤ ᠠᠳᠠᠯᠢ ᠶᠠᠭᠤ ᠴᠤ ᠦᠭᠡᠶ ᠭᠦᠮᠤᠨ ᠳᠤ ᠡᠨᠡ ᠬᠠᠷᠢᠨ ᠭᠢᠯᠪᠠᠷ ᠭᠡᠷᠡᠭ᠌ ᠪᠢᠰᠢ ᠰᠢᠤ ᠪᠢ ᠰᠢᠪᠠᠭ᠍ᠴᠢᠨ ᠶᠢᠡᠨ ᠶᠠᠪᠣᠭᠤᠯᠤᠭᠠᠤᠨ ᠣᠷᠤᠨ ᠰᠠᠭᠤᠴᠠ ᠰᠢᠯᠵᠢᠵᠤ ᠪᠢᠴᠢᠬᠠᠨ ᠰᠠᠷᠠᠪᠴᠢᠨ ᠤ ᠠᠰᠠᠷ ᠭᠦᠯᠦᠰᠦᠯᠡᠨ ᠂ ᠭᠡᠷ ᠤᠨ ᠳᠤᠳᠤᠷᠠᠭᠢ ᠠᠯᠢᠪᠠ ᠬᠠᠷ᠎ᠠ ᠪᠣᠷᠤ ᠠᠵᠢᠯ ᠶᠢᠡᠨ ᠥᠪᠠᠷᠳᠡᠭᠡᠨ ᠭᠢᠵᠤ ᠴᠢᠳᠠᠬᠤ ᠶᠢᠨ ᠴᠢᠨᠡᠭᠡ ᠪᠠᠷ ᠮᠥᠩᠭᠦ ᠠᠷᠪᠢᠯᠠᠬᠤ ᠶᠢ ᠪᠣᠳᠤᠭᠰᠠᠨ ᠶᠤᠮ ᠃ ᠰᠠᠷ᠎ᠠ ᠪᠦᠷᠢ ᠬᠠᠭᠤᠴᠢᠨ ᠦᠷᠢ ᠶᠢᠨ ᠶᠢᠡᠨ ᠨᠢᠭᠡ ᠭᠡᠰᠡᠭ᠌ ᠢ ᠲᠦᠯᠦᠵᠤ ᠂ ᠨᠢᠭᠡ ᠪᠠᠭ᠎ᠠ ᠰᠢᠨ᠎ᠠ ᠦᠷᠢ ᠳᠠᠯᠪᠢᠭᠠᠤᠨ ᠳᠦᠯᠦᠭᠦ ᠬᠤᠭᠤᠴᠠᠭ᠎ᠠ ᠪᠠᠨ ᠣᠷᠳᠤᠤᠠᠬᠠᠨ᠎ᠠ᠃ ᠯᠦᠸᠠᠼᠢ ᠮᠠᠨᠢ ᠣᠷᠤᠢ ᠪᠣᠯᠭᠠᠨ ᠠᠷᠠᠯᠵᠢᠶᠠᠴᠢᠨ ᠤ ᠳᠠᠩᠰᠠ ᠬᠠᠷ᠎ᠠ ᠬᠠᠭᠤᠯᠤᠨ᠎ᠠ ᠃ ᠥᠷᠭᠦᠯᠵᠢ ᠰᠦᠨᠢ ᠳᠦᠯᠢ ᠪᠣᠯᠳᠠᠯ᠎ᠠ ᠨᠢᠭᠡ ᠨᠢᠭᠤᠷ ᠲᠤ ᠪᠠᠨ ᠳᠠᠪᠤᠨ ᠮᠥᠩᠭᠦᠨ ᠤ ᠭᠦᠯᠦᠰᠤ ᠲᠡᠶ ᠡᠭᠡ ᠨᠤᠤᠷᠠᠭ ᠢ ᠰᠡᠢ᠌ᠷᠡᠭᠦᠯᠤᠨ ᠪᠢᠴᠢᠨ᠎ᠡ ᠃ ᠡᠢ᠌ᠮᠦᠷᠭᠦ ᠠᠮᠢᠳᠤᠷᠠᠯ ᠶᠢᠡᠷ ᠠᠷᠪᠠᠳᠤᠭᠠᠷ ᠵᠢᠯ ᠤᠨ ᠡᠴᠦᠰ ᠶᠢᠡᠷ ᠳᠠᠷᠠ ᠭᠦ ᠦᠨᠳᠦᠷ ᠭᠦᠤ ᠲᠡᠶ ᠵᠢᠭᠡᠯᠡᠯᠭᠡ ᠭᠢᠭᠡᠤᠨ ᠭᠦᠤ ᠡᠴᠠ ᠨᠢ ᠭᠦᠤ ᠳᠦᠷᠦᠭ᠍ᠰᠡᠨ ᠭᠦᠤ ᠶᠢ ᠨᠢ ᠭᠦᠷᠳᠡᠯ᠎ᠡ ᠴᠦᠮ ᠲᠦᠯᠦᠵᠤ ᠪᠠᠷᠠᠯ᠎ᠠ᠃ (ᠭᠦᠨ ᠠᠮᠢᠰᠬᠤᠭᠠᠤᠨ) ᠭᠡᠪᠠᠴᠤ ᠭᠡᠷᠡᠭ᠌ ᠣᠴᠢᠷ ᠳᠤᠭᠤᠷᠢᠨ ᠥᠩᠭᠡᠷᠡᠵᠡᠢ᠂ ᠪᠢ ᠴᠤ ᠳᠤᠩ ᠪᠠᠶᠠᠷᠳᠠᠢ ᠪᠠᠢ᠌ᠨᠠᠮ᠃

ᠹᠯᠸᠰᠵ ᠄ (ᠳᠤᠭᠳᠤᠯᠤᠭᠰᠠᠨ ᠪᠠᠢ᠌ᠳᠠᠯ ᠲᠡᠶ ᠮᠠᠽᠢᠯᠳ᠋ ᠶᠢᠨ ᠭᠠᠷ ᠢ ᠠᠤᠠᠬᠤᠭᠠᠤᠨ) ᠠᠢ ᠭᠦᠭᠡᠷᠦᠭᠦᠢ ᠮᠠᠽᠢᠯᠳ᠋ ᠮᠢᠨᠢ ᠮᠢᠨᠤ ᠳᠠᠷᠠ ᠰᠤᠠᠳᠤᠷ ᠬᠠᠭᠤᠷᠮᠠᠭ ᠡᠳ᠋ ᠰᠢᠤ ᠃ ᠭᠠᠢ᠌ᠭᠤᠢ ᠳᠤ ᠪᠠᠨ ᠳᠠᠪᠤᠨ ᠵᠠᠭᠤᠨ ᠹᠷᠠᠩᠺ ᠭᠦᠷᠤᠨ᠎ᠡ᠃


ᠭᠢᠴᠢᠶᠠᠯ ᠤᠨ ᠬᠣᠢ᠌ᠨᠠᠭᠢ ᠳᠡᠮᠳᠡᠭᠯᠡᠯ ( ᠪᠣᠳᠠᠳᠠᠢ ᠠᠮᠢᠳᠤᠷᠠᠯ ᠳᠤᠮᠳᠠᠭᠢ ᠮᠠᠽᠢᠯᠳ᠋ ᠢ ᠣᠯᠵᠤ ᠵᠤᠬᠢᠶᠠᠯ ᠤᠨ ᠭᠡᠪ ᠨᠠᠮᠪᠠ ᠶᠢ ᠳᠠᠭᠤᠷᠢᠶᠠᠵᠤ ᠪᠢᠴᠢᠭ᠍ᠰᠡᠨ ᠰᠤᠷᠤᠭᠴᠢ ᠶᠢᠨ ᠪᠦᠳᠦᠭᠡᠯ )

《ᠰᠤᠠᠳᠤᠷ》

ᠳᠡᠭᠡᠳᠤ ᠬᠤᠶᠠᠷ ᠤᠨ ᠵᠢᠷᠭᠤᠭ᠎ᠠ ᠄ ᠠ᠊·ᠥᠡᠳᠦᠷᠯᠢᠭ᠌

ᠭᠡᠵᠢᠶ᠎ᠡ ᠡᠴᠠ ᠡᠭᠢᠯᠡᠭ᠍ᠰᠡᠨ ᠢ ᠮᠡᠳᠡᠭ᠍ᠰᠡᠨ ᠦᠭᠡᠶ᠃ ᠭᠤᠷᠤᠬ᠎ᠠ ᠶᠢᠨ ᠥᠵᠡᠳᠡᠭ᠌ ᠰᠤᠷᠭᠠᠭᠤᠯᠢ ᠶᠢᠨ ᠡᠮᠡᠭ᠍ᠳᠡᠢ ᠰᠤᠷᠤᠭᠴᠢᠳ ᠰᠤᠠᠳᠤᠷ ᠵᠡᠭᠦᠭᠦ ᠭᠦᠭᠡᠭᠡᠴᠡᠯᠳᠦᠯ ᠲᠡᠶ ᠪᠣᠯᠪᠠ᠃ ᠴᠢᠨᠠᠭᠰᠢᠯᠠᠭᠠᠤᠨ ᠰᠤᠠᠳᠤᠷ ᠵᠡᠭᠦᠭᠦ ᠨᠢ ᠣᠷᠤᠰᠬᠠᠯ ᠪᠣᠯᠪᠠ᠃ ᠭᠡᠷᠪᠡ ᠠᠯᠢ ᠨᠢᠭᠡ ᠡᠮᠡᠭ᠍ᠳᠡᠢ ᠰᠤᠷᠤᠭᠴᠢ ᠨᠢ ᠰᠤᠠᠳᠤᠷ ᠦᠭᠡᠶ ᠪᠣᠯ ᠪᠣᠰᠤᠳ ᠬᠠᠮᠳᠤ ᠰᠤᠷᠤᠯᠭᠠᠳᠠᠨ ᠨᠢ ᠣᠷᠤᠰᠬᠠᠯ ᠡᠴᠠ ᠬᠤᠴᠤᠷᠤᠭᠰᠠᠨ ᠭᠡᠵᠤ ᠬᠣᠢ᠌ᠨ᠎ᠠ ᠡᠮᠤᠨ᠎ᠡ ᠡᠴᠠ ᠨᠢ ᠡᠨᠡ ᠳᠠᠷᠠ ᠭᠡᠵᠤ ᠶᠠᠷᠢᠨ᠎ᠠ᠃ ᠭᠤᠷᠤᠬ᠎ᠠ ᠴᠤ ᠡᠨᠡ ᠭᠦ ᠣᠷᠤᠰᠬᠠᠯ ᠳᠤ ᠳᠦᠯᠭᠢᠭ᠍ᠳᠡᠨ ᠰᠤᠠᠳᠤᠷ ᠲᠤ ᠬᠤᠷᠤᠬᠠᠢ ᠲᠡᠶ ᠪᠣᠯᠪᠠ ᠃ ᠭᠤᠷᠤᠬ᠎ᠠ ᠳᠤ ᠨᠢᠭᠡ ᠰᠤᠠᠳᠤᠷ ᠪᠣᠢ᠃ ᠡᠨᠡ ᠨᠢ ᠳᠡᠭᠦᠨ ᠤ ᠡᠮᠡᠭᠡ ᠶᠢᠨ ᠭᠢᠨᠢ ᠥᠯᠡᠳᠠᠭᠡᠵᠤ ᠦᠭ‍ᠭᠦᠭ᠍ᠰᠡᠨ ᠴᠤᠷ ᠤᠨ ᠭᠠᠭᠴᠠ ᠪᠠᠯᠡᠭ᠌ ᠪᠣᠯᠤᠨ᠎ᠠ᠃ ᠡᠢ᠌ᠮᠤ ᠣᠴᠢᠷ ᠡᠴᠠ ᠳᠡᠭᠦᠨ ᠳᠤ ᠠᠪᠴᠤ ᠭᠡᠯᠡᠪᠠᠯ ᠡᠨᠡ ᠰᠤᠠᠳᠤᠷ ᠬᠠᠮᠤᠭ ᠤᠨ ᠨᠠᠠᠳᠢᠨ ᠵᠣᠢ᠌ᠯ ᠪᠣᠯᠤᠨ ᠦᠯᠠᠳᠠᠵᠠᠢ᠃ ᠭᠡᠳᠡᠯ᠎ᠡ ᠡᠨᠡ ᠰᠤᠠᠳᠤᠷ ᠨᠢ ᠣᠯᠠᠨ ᠵᠢᠯ ᠤᠨ ᠨᠢᠭᠤᠷ ᠢ ᠥᠵᠡᠭ᠍ᠰᠡᠨ ᠪᠣᠯᠤᠯᠳᠠᠢ᠂ ᠣᠭ ᠤᠨ ᠤᠭ᠍ᠶᠤᠨ ᠨᠤᠭᠤᠭᠠᠨ ᠥᠩᠭᠡ ᠨᠢ ᠬᠠᠯᠴᠠᠭᠠᠢ᠌ᠷᠠᠵᠤ ᠡᠭᠢᠯᠡᠵᠡᠢ᠃ ᠡᠢ᠌ᠮᠤ ᠣᠴᠢᠷ ᠡᠴᠠ ᠳᠠᠷᠠ ᠡᠨᠡ ᠰᠤᠠᠳᠤᠷ ᠶᠢᠡᠨ ᠵᠡᠭᠦᠭᠦ ᠡᠴᠠ ᠪᠠᠨ ᠰᠢᠷᠭᠢ᠌ᠭᠦ ᠪᠣᠯᠵᠠᠢ᠃ ᠬᠠᠮᠳᠤ ᠰᠤᠷᠤᠯᠭᠠᠳᠠᠨ ᠤ ᠪᠠᠨ ᠭᠤᠶᠤ ᠭᠤᠶᠤ ᠰᠤᠠᠳᠤᠷ ᠢ ᠨᠢ ᠬᠠᠷᠠᠭᠠᠤᠨ ᠭᠤᠷᠤᠬ᠎ᠠ ᠦᠪᠡᠷ ᠤᠨ ᠡᠷᠭᠡ ᠦᠭᠡᠶ ᠠᠳᠠᠭᠠᠷᠬᠠᠯ ᠲᠦᠷᠦᠨ᠎ᠡ᠃ ᠳᠠᠷᠠ ᠪᠢ ᠪᠠᠰᠠ ᠭᠡᠵᠢᠶ᠎ᠡ ᠭᠤᠶᠤ ᠰᠤᠠᠳᠤᠷ ᠲᠡᠶ ᠪᠣᠯᠬᠤ ᠪᠢᠯᠠ ᠭᠡᠵᠤ ᠳᠤᠳᠤᠷ᠎ᠠ ᠪᠠᠨ ᠪᠣᠳᠤᠪᠠ᠃ ᠭᠤᠶᠤ ᠰᠤᠠᠳᠤᠷ ᠵᠡᠭᠦᠭ᠍ᠰᠡᠨ ᠨᠢᠭᠡ ᠬᠠᠮᠳᠤ ᠰᠤᠷᠤᠭᠴᠢ ᠶᠢ ᠨᠢ ᠪᠣᠰᠤᠳ ᠬᠠᠮᠳᠤ ᠰᠤᠷᠤᠯᠭᠠᠳᠠᠨ ᠨᠢ ᠭᠦᠷᠢᠶᠡᠯᠡᠵᠤ ᠱᠤᠬᠤᠭᠤᠷᠬᠠᠬᠤ ᠶᠢ ᠨᠢ ᠥᠵᠡᠭᠡᠤᠨ ᠂ ᠳᠠᠷᠠ 《ᠪᠢ ᠪᠠᠰᠠ ᠪᠣᠰᠤᠳ ᠲᠤ ᠭᠦᠷᠢᠶᠡᠯᠡᠭ᠍ᠳᠡᠭᠦ ᠴᠠᠭ ᠪᠠᠢ᠌ᠨ᠎ᠠ ᠦᠦ》 ᠭᠡᠵᠤ ᠭᠤᠳᠤᠷᠠᠩᠭ᠋ᠤᠢ ᠪᠣᠳᠤᠵᠤ ᠠᠮᠵᠢᠪᠠ᠃ ᠳᠡᠭᠡᠭᠡᠤᠨ ᠭᠤᠷᠤᠬ᠎ᠠ ᠮᠠᠨᠢ ᠪᠣᠰᠤᠳ ᠲᠤ ᠭᠦᠷᠢᠶᠡᠯᠡᠭ᠍ᠳᠡᠭᠦ ᠪᠠᠷ ᠰᠢᠳᠤ ᠵᠡᠭᠤᠨ᠂ ᠨᠢᠭᠡ ᠭᠠᠷᠠᠭ ᠪᠦᠰᠡ ᠪᠠᠨ ᠴᠢᠩᠭ᠋ᠠᠯᠠᠨ ᠪᠠᠢ᠌ᠵᠤ ᠂ ᠦᠪᠡᠷᠮᠢᠴᠠ ᠭᠤᠶᠤ ᠭᠢᠴᠠᠳᠠᠢ ᠨᠢᠭᠡ ᠰᠤᠠᠳᠤᠷ ᠬᠤᠳᠠᠯᠳᠤᠨ ᠠᠪᠣᠯ᠎ᠠ᠃ ᠦᠨ᠎ᠡ ᠨᠢ ᠵᠠᠭᠤᠨ ᠳᠦᠭᠦᠷᠢᠭ᠌᠃ ᠳᠡᠭᠦᠨ ᠢ ᠰᠤᠠᠳᠤᠷ ᠶᠢᠡᠨ ᠵᠡᠭᠦᠨ ᠣᠷᠤᠵᠤ ᠢᠷᠡᠭᠦ ᠳᠤ ᠬᠠᠮᠳᠤ ᠨᠠᠢ᠌ᠵᠠ ᠨᠢ ᠪᠦᠷ ᠳᠡᠭᠦᠨ ᠤ ᠵᠥᠭ᠌ ᠠᠪᠠᠭᠠᠷᠠᠯᠳᠤᠨ ᠢᠷᠠᠵᠤ ᠄ 《ᠭᠤᠷᠤᠬ᠎ᠠ ᠡ ᠂ ᠰᠤᠠᠳᠤᠷ ᠴᠢᠨᠢ ᠠᠶᠤᠮᠠᠷ ᠭᠤᠶᠤ ᠪᠠᠢ᠌ᠨ᠎ᠠ ᠳ᠋ᠠ》 《ᠦᠨ᠎ᠡ ᠨᠢ ᠭᠡᠳᠦᠢ ᠪᠣᠢ 》 《ᠠᠯᠢ ᠳᠡᠯᠭᠡᠭᠦᠷ ᠡᠴᠠ ᠬᠤᠳᠠᠯᠳᠤᠨ ᠠᠪᠣᠭᠰᠠᠨ ᠪᠣᠢ 》 ᠭᠡᠭᠦ ᠵᠡᠷᠭᠡ ᠣᠭᠰᠠᠷᠠᠭ᠎ᠠ ᠠᠰᠠᠭᠤᠯᠳᠠ ᠪᠠᠷ ᠳᠠᠢ᠌ᠯᠠᠪᠠ ᠃ ᠭᠤᠷᠤᠬ᠎ᠠ ᠮᠠᠨᠢ ᠡᠨᠡ ᠭᠦ ᠪᠠᠢ᠌ᠳᠠᠯ ᠳᠤ ᠮᠠᠰᠢ ᠶᠡᠭᠡ ᠪᠠᠷ ᠰᠠᠤᠠᠭᠢᠯ ᠬᠠᠠᠵᠠᠢ ᠃ ᠳᠠᠷᠠ 《ᠨᠠᠳᠠ ᠳᠤ ᠪᠠᠰᠠ ᠪᠣᠰᠤᠳ ᠲᠤ ᠭᠦᠷᠢᠶᠡᠯᠡᠭ᠍ᠳᠡᠭᠦ ᠴᠠᠭ ᠪᠠᠢ᠌ᠨ᠎ᠠ ᠰᠢᠳᠠ》 ᠭᠡᠵᠤ ᠣᠮᠤᠭᠰᠢᠯᠳᠠᠢ ᠢᠨᠢᠶᠠᠪᠠ᠃ ᠳᠠᠷᠠ ᠮᠠᠨᠢ ᠭᠤᠶᠤ ᠰᠤᠠᠳᠤᠷ ᠲᠡᠶ ᠪᠣᠯᠤᠭᠠᠤᠨ ᠡᠷᠡᠤ ᠡᠷᠳᠡᠢ᠌ᠪᠡ᠃ ᠭᠡᠳᠡᠯ᠎ᠡ ᠡᠨᠡ ᠨᠢ ᠬᠤᠶᠠᠷᠬᠠᠨ ᠡᠳᠦᠷ ᠤᠨ ᠣᠴᠢᠷ᠂ ᠭᠤᠷᠪᠠᠳᠤᠭᠠᠷ ᠡᠳᠦᠷ ᠡᠴᠠ ᠨᠢ ᠬᠠᠮᠳᠤ ᠨᠥᠭᠦᠤᠨ ᠨᠢ ᠥᠭᠡᠷ᠎ᠡ ᠨᠢᠭᠡ ᠭᠤᠶᠤ ᠰᠤᠠᠳᠤᠷ ᠲᠡᠶ ᠨᠠᠢ᠌ᠵᠠ ᠶᠢ ᠨᠢ ᠭᠦᠷᠢᠶᠡᠯᠡᠨ ᠠᠪᠴᠤ ᠡᠨᠡ ᠳᠠᠷᠠ ᠭᠡᠵᠤ ᠣᠯᠠᠨ ᠶᠠᠭᠤᠮ᠎ᠠ ᠠᠰᠠᠭᠤᠵᠠᠭᠠᠨ᠎ᠠ᠃ ᠭᠤᠷᠤᠬ᠎ᠠ ᠮᠠᠨᠢ ᠳᠠᠷᠠ ᠨᠠᠢ᠌ᠵᠠ ᠶᠢᠨ ᠶᠢᠡᠨ ᠰᠤᠠᠳᠤᠷ ᠢ ᠶᠡᠭᠡ ᠪᠠᠬᠠᠷᠬᠠᠭᠰᠠᠨ ᠪᠣᠯᠪᠠᠴᠤ ᠥᠩᠭᠡᠨ ᠳᠡᠭᠡᠷ᠎ᠡ ᠪᠠᠨ ᠦᠯᠦ ᠣᠢ᠌ᠰᠢᠶᠠᠬᠤ ᠮᠠᠶ‍ᠢᠭ ᠭᠠᠷᠭᠠᠨ ᠴᠠᠭᠠᠰᠢ ᠪᠠᠨ ᠶᠠᠪᠣᠵᠤ ᠣᠤᠠᠪᠠ᠃ ᠬᠤᠶᠠᠷ ᠡᠳᠦᠷ ᠤᠨ ᠳᠠᠷᠠᠭ᠎ᠠ ᠪᠠᠰᠠ ᠨᠢᠭᠡ ᠬᠠᠮᠳᠤ ᠰᠤᠷᠤᠭᠴᠢ ᠨᠢ ᠨᠠᠩ ᠭᠤᠶᠤ ᠰᠤᠠᠳᠤᠷ ᠵᠡᠭᠦᠭᠡᠤᠨ ᠣᠷᠤᠵᠤ ᠢᠷᠡᠭᠦ ᠳᠤ ᠬᠠᠮᠳᠤ ᠨᠥᠭᠦᠤᠨ ᠨᠢ ᠳᠠᠷᠠ ᠨᠠᠢ᠌ᠵᠠ ᠶᠢᠨ ᠶᠢᠡᠨ ᠵᠥᠭ᠌ ᠣᠪᠣᠭᠠᠷᠠᠬᠤ ᠪᠣᠯᠪᠠ᠃ ᠡᠨᠡ ᠪᠠᠢ᠌ᠳᠠᠯ ᠢ ᠥᠵᠡᠭᠡᠤᠨ ᠭᠤᠷᠤᠬ᠎ᠠ ᠰᠤᠠᠳᠤᠷ ᠶᠢᠡᠨ ᠭᠦᠵᠦᠭᠦᠨ ᠡᠴᠠ ᠪᠠᠨ ᠮᠤᠯᠳᠤᠯᠤᠨ ᠠᠪᠴᠤ ᠠᠭᠤᠷᠳᠠᠢ ᠪᠠᠷ ᠪᠣᠭᠴᠤᠨ ᠳᠤ ᠪᠠᠨ ᠰᠢᠳᠠᠨ ᠣᠷᠤᠭᠤᠯᠪᠠ᠃ ᠳᠠᠷᠠ ᠡᠳᠡᠭᠡᠷ ᠨᠠᠢ᠌ᠵᠠ ᠳᠤ ᠪᠠᠨ ᠭᠤᠮᠤᠷᠬᠠᠨ᠎ᠠ᠂ ᠳᠠᠳᠠᠨ ᠳᠤ ᠦᠪᠡᠷ ᠤᠨ ᠡᠷᠭᠡ ᠦᠭᠡᠶ ᠡᠭ᠍ᠳᠡᠭᠦᠴᠡᠯ ᠲᠦᠷᠦᠨ᠎ᠡ᠃ ᠭᠡᠳᠡᠯ᠎ᠡ ᠶᠠᠮᠠᠷ ᠠᠷᠭ᠎ᠠ ᠪᠠᠢ᠌ᠨ᠎ᠠ ᠳ᠋ᠠ᠂ ᠭᠦᠮᠤᠨ ᠪᠦᠭᠦᠨ ᠰᠠᠢ᠌ᠨ ᠰᠠᠢ᠌ᠬᠠᠨ ᠵᠣᠢ᠌ᠯ ᠳᠤ ᠳᠤᠷᠠᠳᠠᠢ ᠶᠤᠮ ᠴᠢᠨᠢ ᠡᠢ᠌ᠮᠦᠷᠭᠦ ᠪᠠᠢ᠌ᠳᠠᠯ ᠭᠡᠳᠤᠨ ᠡᠳᠦᠷ ᠥᠩᠭᠡᠷᠡᠮᠡᠭ᠍ᠴᠡ ᠨᠢᠭᠡ ᠣᠳᠠᠭ᠎ᠠ ᠢᠯᠠᠷᠠᠨ᠎ᠡ᠃ ᠭᠤᠶᠤ ᠰᠤᠠᠳᠤᠷ ᠠᠪᠬᠤ ᠨᠢ ᠨᠢᠭᠡ᠊ᠨᠳᠡ ᠡᠳᠡᠨᠦᠰ ᠤᠨ ᠠᠮᠢᠳᠤᠷᠠᠯ ᠤᠨ ᠳᠤᠳᠠᠭᠳᠠᠵᠤ ᠪᠣᠯᠤᠰᠢ ᠦᠭᠡᠶ ᠨᠢᠭᠡ ᠠᠭᠤᠯᠭ᠎ᠠ ᠪᠣᠯᠴᠢᠬᠠᠪᠠ᠃ ᠴᠢ ᠦᠨᠦᠳᠤᠷ ᠨᠢᠭᠡ ᠭᠤᠶᠤ ᠰᠤᠠᠳᠤᠷ ᠠᠪᠣᠪᠠᠯ ᠮᠠᠷᠭᠠᠰᠢ ᠨᠢ ᠪᠢ ᠴᠢᠨᠤᠭᠢ ᠡᠴᠠ ᠨᠠᠩ ᠭᠤᠶᠤ ᠶᠢ ᠨᠢ ᠠᠪᠣᠨ᠎ᠠ ᠭᠡᠵᠤ ᠥᠷᠢᠰᠦᠯᠳᠦᠭ᠍ᠰᠡᠭᠡᠷ ᠨᠢᠭᠡ ᠰᠤᠷᠤᠯᠭ᠎ᠠ ᠶᠢᠨ ᠬᠤᠭᠤᠴᠠᠭ᠎ᠠ ᠪᠠᠨ ᠳᠡᠭᠦᠰᠭᠡᠨ᠎ᠡ᠃ ᠬᠤᠭᠤᠴᠠᠭᠠᠨ ᠡᠴᠦᠰ ᠪᠣᠯᠬᠤ ᠳᠤ ᠭᠦᠮᠤᠨ ᠨᠢᠭᠡᠪᠦᠷᠢ ᠠᠷᠪᠠᠭᠠᠤᠨ ᠰᠤᠠᠳᠤᠷ ᠲᠡᠶ ᠪᠣᠯᠪᠠ᠃ ᠭᠤᠷᠤᠬ᠎ᠠ ᠳᠤ ᠴᠤ ᠠᠷᠪᠠᠭᠠᠤᠨ ᠰᠤᠠᠳᠤᠷ ᠪᠣᠢ᠃ ᠭᠤᠷᠤᠬ᠎ᠠ ᠳᠤ ᠠᠪᠴᠤ ᠭᠡᠯᠡᠪᠠᠯ ᠬᠤᠶᠠᠷ ᠣᠯᠤᠯᠳᠠ ᠨᠢᠭᠡ ᠬᠠᠷᠠᠮᠰᠠᠯ ᠪᠣᠢ᠃ ᠣᠯᠤᠯᠳᠠ ᠶᠢᠨ ᠨᠢᠭᠡ ᠨᠢ ᠪᠣᠯ ᠠᠳᠠᠯᠢ ᠪᠣᠰᠤ ᠭᠡᠯᠪᠠᠷᠢ ᠶᠠᠩᠵᠤ ᠶᠢᠨ ᠠᠷᠪᠠᠭᠠᠤᠨ ᠭᠤᠶᠤ ᠰᠤᠠᠳᠤᠷ ᠲᠡᠶ᠂ ᠦᠨ᠎ᠡ ᠨᠢ ᠪᠦᠷ ᠭᠢᠮᠳᠠ ᠪᠣᠰᠤ ᠃ ᠨᠥᠭᠦᠭᠡ ᠨᠢᠭᠡ ᠨᠢ ᠪᠣᠯ ᠨᠢᠭᠡ ᠬᠤᠭᠤᠴᠠᠭ᠎ᠠ ᠪᠦᠰᠡ ᠴᠢᠩᠭ᠋ᠠᠯᠠᠭᠠᠤᠨ ᠮᠠᠷᠢᠶ᠎ᠠ ᠪᠠᠨ ᠶᠡᠭᠡᠪᠠᠷ ᠪᠠᠭᠤᠷᠠᠭᠤᠯᠵᠠᠢ᠃ ᠨᠢᠭᠡ ᠬᠠᠷᠠᠮᠰᠠᠯ ᠨᠢ ᠪᠣᠯ ᠰᠤᠷᠤᠯᠭ᠎ᠠ ᠶᠢᠨ ᠭᠢᠷᠢ ᠪᠦᠳᠦᠮᠵᠢ ᠨᠢ ᠳᠤᠷᠤᠭᠰᠢᠯᠠᠬᠤ ᠶᠢᠨ ᠶᠡᠭᠡᠪᠠᠷ ᠳᠤᠷᠤᠭᠰᠢᠯᠠᠪᠠ᠃ ᠡᠮᠤᠨ᠎ᠡ ᠳᠠᠪᠣᠳᠤᠭᠠᠷ ᠨᠠᠷᠠᠰ ᠡᠴᠠ ᠪᠠᠨ ᠪᠠᠭᠤᠷᠠᠭᠠᠤᠨ ᠬᠣᠢ᠌ᠨ᠎ᠠ ᠡᠴᠠ ᠨᠢ ᠳᠠᠪᠣᠳᠤᠭᠠᠷ ᠨᠠᠷᠠᠰ ᠲᠤ ᠣᠷᠤᠪᠠ᠃

ᠵᠤᠬᠢᠶᠠᠭᠴᠢ ᠶᠢᠨ ᠬᠠᠶ‍ᠢᠭ ᠄ ᠣᠯᠠᠭᠠᠠᠬᠤᠳᠠ ᠬᠤᠶᠠᠳᠤᠭᠠᠷ ᠳᠤᠮᠳᠠᠳᠤ ᠰᠤᠷᠭᠠᠭᠤᠯᠢ


ᠵᠤᠬᠢᠶᠠᠭᠴᠢ᠄ ᠠᠽᠢᠶ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 10937
ᠴᠠᠭ᠄ 2014 ᠤᠨ ᠤ 03 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ