☆ ᠰᠣ᠊·ᠦᠨᠡᠠᠴᠢ
ᠢᠷᠠᠭᠤ ᠨᠠᠢ᠌ᠷᠠᠭ ᠤᠨ ᠮᠤᠩᠭ᠋ᠤᠯ ᠨᠤᠳᠤᠭ
ᠮᠤᠩᠭ᠋ᠤᠯ ᠨᠤᠳᠤᠭ ᠡᠴᠡ ᠢᠷᠠᠭᠤ ᠨᠠᠢ᠌ᠷᠠᠭ ᠥᠨᠦᠷᠳᠦᠳᠡᠭ᠌
ᠮᠤᠩᠭ᠋ᠤᠯ ᠨᠤᠳᠤᠭ ᠡᠴᠡ ᠢᠷᠠᠭᠤ ᠨᠠᠢ᠌ᠷᠠᠭ ᠣᠠᠳᠤᠷᠤᠳᠠᠭ
ᠮᠤᠩᠭ᠋ᠤᠯ ᠨᠤᠳᠤᠭ ᠢᠷᠠᠭᠤ ᠨᠠᠢ᠌ᠷᠠᠭ ᠰᠢᠭ ᠣᠶᠠᠩᠭ᠋ᠠᠷᠠᠳᠠᠭ
ᠮᠤᠩᠭ᠋ᠤᠯ ᠨᠤᠳᠤᠭ ᠢᠷᠠᠭᠤ ᠨᠠᠢ᠌ᠷᠠᠭ ᠲᠡᠶ ᠪᠠᠨ ᠮᠥᠩᠭᠡᠷᠡᠳᠡᠭ᠌
ᠮᠤᠩᠭ᠋ᠤᠯ ᠨᠤᠳᠤᠭ ᠪᠣᠯ ᠦᠨᠢ ᠪᠠᠶᠠᠨ ᠢᠷᠠᠭᠤ ᠨᠠᠢ᠌ᠷᠠᠭ
ᠮᠤᠩᠭ᠋ᠤᠯ ᠨᠤᠳᠤᠭ ᠪᠣᠯ ᠦᠨᠢ ᠮᠥᠩᠭᠡ ᠶᠢᠨ ᠢᠷᠠᠭᠤ ᠨᠠᠢ᠌ᠷᠠᠭ
ᠭᠦᠭᠡ ᠮᠥᠩᠭᠦᠨ ᠳᠡᠭ᠍ᠷᠢ ᠳᠤ ᠨᠢ
ᠭᠦᠩᠭᠡᠭᠡᠨ ᠨᠡᠭᠦᠳᠡᠯᠯᠡᠭᠦ ᠡᠭᠦᠯᠡᠰ ᠨᠢ
ᠨᠠᠢ᠌ᠷᠠᠭ ᠬᠤᠷᠠᠵᠤ ᠪᠣᠷᠤᠭᠠᠯᠠᠳᠠᠭ
ᠭᠦᠮᠡᠯᠢ ᠳᠠᠭᠠᠨ᠎ᠠ ᠰᠡᠩᠭᠢᠨᠡᠭ᠍ᠰᠡᠨ
ᠭᠦᠳᠡᠭᠡ ᠶᠢᠨ ᠴᠡᠩᠭᠡᠭ᠌ ᠠᠭᠠᠷ ᠨᠢ
ᠨᠠᠢ᠌ᠷᠠᠭ ᠴᠢᠪᠬᠠᠳᠠᠵᠤ ᠣᠨᠢᠶᠠᠷᠳᠤᠳᠠᠭ
ᠠᠭᠤᠳᠠᠮ ᠬᠠᠩᠭ᠋ᠠᠢ ᠰᠢᠯᠢ ᠶᠢᠨ ᠭᠢᠨᠢ
ᠠᠭᠤᠯᠠ ᠨᠢᠷᠤᠭᠤ ᠳᠤᠯᠤᠭᠠᠢ᠌ᠳ ᠡᠴᠡ ᠨᠢ
ᠨᠠᠢ᠌ᠷᠠᠭ ᠰᠦᠮᠠᠯᠵᠠᠵᠤ ᠬᠠᠷᠠᠭᠳᠠᠳᠠᠭ
ᠴᠡᠯᠡᠭᠡᠷ ᠨᠤᠭᠤᠭᠠᠨ ᠭᠤᠪᠢ ᠶᠢᠨ ᠭᠢᠨᠢ
ᠴᠡᠪᠠᠷᠭᠡᠨ ᠪᠣᠷᠤ ᠭᠦᠷᠦᠰᠤᠨ ᠡᠴᠡ ᠨᠢ
ᠨᠠᠢ᠌ᠷᠠᠭ ᠦᠨᠳᠦᠰᠦᠯᠠᠵᠤ ᠨᠠᠭᠢᠶᠠᠯᠠᠳᠠᠭ
ᠣᠯᠠᠨ ᠵᠠᠭᠤᠨ ᠢ ᠡᠯᠡᠭᠡᠭ᠍ᠰᠡᠨ
ᠣᠰᠤᠨ ᠪᠣᠯᠤᠷ ᠨᠠᠭᠤᠷ ᠡᠴᠡ ᠨᠢ
ᠨᠠᠢ᠌ᠷᠠᠭ ᠴᠠᠢ᠌ᠯᠵᠠᠨ ᠮᠡᠯᠮᠡᠯᠵᠡᠳᠡᠭ᠌
ᠣᠩᠭ᠋ᠤᠨ ᠳᠠᠯ᠎ᠠ ᠶᠢ ᠵᠥᠰᠦᠭ᠍ᠰᠡᠨ
ᠣᠷᠤᠰᠬᠠᠯ ᠲᠦᠯᠬᠡᠨ ᠭᠤᠷᠤᠬ᠎ᠠ ᠡᠴᠡ ᠨᠢ
ᠨᠠᠢ᠌ᠷᠠᠭ ᠦᠶᠡᠯᠵᠠᠨ ᠳᠤᠯᠭᠢᠶᠠᠯᠠᠳᠠᠭ
ᠳᠠᠯ᠎ᠠ ᠶᠢᠨ ᠭᠦᠨ ᠳᠤ ᠢᠷᠠᠯᠵᠠᠭᠰᠠᠨ
ᠳᠠᠪᠤᠨ ᠬᠤᠰᠢᠭᠤ ᠮᠠᠯ ᠨᠢ
ᠨᠠᠢ᠌ᠷᠠᠭ ᠵᠢᠷᠤᠵᠤ ᠠᠯᠠᠭᠰᠢᠳᠠᠭ
ᠳᠠᠢ᠌ᠪᠣᠩ ᠰᠦᠨᠢ ᠶᠢ ᠮᠠᠨᠠᠭᠰᠠᠨ
ᠳᠠᠯ᠎ᠠ ᠳᠤᠭᠤᠢ ᠰᠠᠷ᠎ᠠ ᠨᠢ ᠴᠤ
ᠨᠠᠢ᠌ᠷᠠᠭ ᠰᠠᠴᠤᠷᠠᠭᠤᠯᠵᠤ ᠭᠢᠯᠠᠯᠵᠠᠳᠠᠭ
ᠮᠠᠩᠨᠤᠭ ᠳᠠᠯ᠎ᠠ ᠶᠢᠨ ᠦᠷᠦᠴᠠᠨ ᠳᠤ ᠭᠢ
ᠮᠤᠩᠭ᠋ᠤᠯ ᠭᠡᠷ ᠤᠨ ᠳᠤᠭᠤᠨᠤ ᠡᠴᠡ ᠨᠢ
ᠨᠠᠢ᠌ᠷᠠᠭ ᠰᠤᠪᠣᠷᠠᠵᠤ ᠮᠠᠠᠳᠤᠳᠠᠭ
ᠮᠢᠩᠭ᠋ᠠᠨ ᠭᠠᠵᠠᠷ ᠢ ᠳᠤᠪᠴᠢᠯᠠᠳᠠᠭ
ᠮᠤᠩᠭ᠋ᠤᠯ ᠮᠤᠷᠢᠳ ᠤᠨ ᠳᠤᠭᠤᠷᠠᠢ ᠡᠴᠡ ᠨᠢ
ᠨᠠᠢ᠌ᠷᠠᠭ ᠳᠤᠭᠤᠰᠤᠷᠠᠵᠤ ᠳᠡᠭ᠍ᠳᠡᠳᠡᠭ᠌
ᠬᠤᠨᠢᠨ ᠤ ᠳᠠᠯᠠᠩ ᠰᠢᠪᠳᠤᠷᠤᠭᠰᠠᠨ
ᠰᠠᠭᠠᠯᠢᠴᠢᠨ ᠡᠵᠢ ᠶᠢᠨ ᠰᠠᠭᠤᠯᠭ᠎ᠠ ᠨᠢ
ᠨᠠᠢ᠌ᠷᠠᠭ ᠶᠢᠡᠷ ᠳᠦᠭᠦᠷᠴᠤ ᠪᠢᠯᠬᠠᠷᠠᠳᠠᠭ
ᠬᠤᠷᠢᠮ ᠤᠨ ᠰᠢᠷᠡᠭᠡᠨ ᠳᠡᠭᠡᠷ᠎ᠡ ᠡᠷᠭᠦᠭ᠍ᠰᠡᠨ
ᠰᠠᠷᠬᠤᠤᠨ ᠭᠡᠮᠨᠡᠭ᠍ᠰᠡᠨ ᠬᠤᠠᠳᠠᠭ᠎ᠠ ᠨᠢ
ᠨᠠᠢ᠌ᠷᠠᠭ ᠶᠢᠡᠷ ᠴᠠᠯᠭᠢᠵᠤ ᠠᠰᠬᠠᠷᠠᠳᠠᠭ
ᠰᠠᠢ᠌ᠨ ᠤ ᠢᠷᠦᠭᠡᠯ ᠪᠢᠯᠬᠠᠭᠤᠯᠤᠭᠰᠠᠨ
ᠰᠠᠮᠪᠠᠢ ᠳᠤᠷᠭᠠᠨ ᠬᠠᠳᠠᠭ ᠨᠢ
ᠨᠠᠢ᠌ᠷᠠᠭ ᠰᠡᠮᠡᠷᠡᠭᠦᠯᠵᠤ ᠪᠠᠢ᠌ᠳᠠᠭ
ᠰᠠᠢ᠌ᠬᠠᠨ ᠵᠤᠨ ᠤ ᠣᠯᠠᠷᠢᠯ ᠳᠤ ᠭᠢ
ᠰᠠᠷᠠᠭᠤᠯ ᠳᠠᠯ᠎ᠠ ᠶᠢᠨ ᠴᠡᠴᠡᠭᠡᠰ ᠨᠢ
ᠨᠠᠢ᠌ᠷᠠᠭ ᠰᠡᠩᠭᠢᠨᠡᠭᠦᠯᠵᠤ ᠪᠠᠢ᠌ᠳᠠᠭ
ᠮᠤᠩᠭ᠋ᠤᠯ ᠨᠤᠳᠤᠭ ᠤᠨ ᠣᠩᠭ᠋ᠤᠨ ᠪᠠᠢ᠌ᠭᠠᠯᠢ
ᠨᠠᠢ᠌ᠷᠠᠭ ᠶᠢᠡᠷ ᠭᠦᠪᠦᠷᠢᠵᠤ ᠠᠮᠢᠯᠠᠳᠠᠭ ᠶᠤᠮ
ᠮᠤᠩᠭ᠋ᠤᠯ ᠨᠤᠳᠤᠭ ᠤᠨ ᠭᠦᠮᠤᠨ ᠠᠷᠠᠤᠨ
ᠨᠠᠢ᠌ᠷᠠᠭ ᠶᠢᠡᠷ ᠭᠦᠦᠷᠨᠢᠯᠳᠦᠵᠤ ᠨᠠᠷᠭᠢᠳᠠᠭ ᠶᠤᠮ
ᠮᠤᠩᠭ᠋ᠤᠯ ᠨᠤᠳᠤᠭ ᠤᠨ ᠢᠷᠠᠭᠤ ᠨᠠᠢ᠌ᠷᠠᠭ ᠢ
ᠣᠩᠰᠢᠭᠠᠤᠨ ᠣᠩᠰᠢᠭᠠᠤᠨ ᠳᠠᠭᠤᠰᠬᠤ ᠥᠭᠡᠢ
ᠢᠷᠠᠭᠤ ᠨᠠᠢ᠌ᠷᠠᠭ ᠤᠨ ᠮᠤᠩᠭ᠋ᠤᠯ ᠨᠤᠳᠤᠭ ᠵᠢᠠᠨ
ᠣᠶᠠᠩᠭ᠋ᠠᠯᠠᠭᠠᠤᠨ ᠣᠶᠠᠩᠭ᠋ᠠᠯᠠᠭᠠᠤᠨ ᠪᠠᠷᠠᠬᠤ ᠥᠭᠡᠢ
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ
ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2009 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ