ᠨᠡᠪᠲᠡᠷᠡᠨ ᠤᠷᠤᠬᠤ
ᠥᠯᠵᠡᠢ᠌ᠳᠤ ᠮᠤᠩᠭ᠋ᠤᠯ ᠰᠦᠯᠵᠢᠶ᠎ᠠ

ᠣᠨᠢ ᠨᠢ ᠬᠠᠨ᠎ᠠ ᠪᠠᠨ ᠳᠠᠯᠠᠵᠤ ᠪᠣᠰᠬᠤ ᠳ᠋ᠤ

ᠳᠤᠭᠤᠨᠤ ᠨᠢ ᠨᠠᠷᠠ ᠪᠠᠨ ᠬᠣᠢ᠌ᠮᠤᠷ ᠲᠤ ᠵᠠᠯᠠᠨ᠎ᠠ

ᠡᠭᠦᠳᠡ ᠨᠢ ᠳᠡᠯᠡᠭᠡᠢ ᠬᠠᠷᠠᠵᠤ ᠪᠠᠶᠠᠰᠬᠤ ᠳ᠋ᠤ

ᠳᠤᠯᠭ᠎ᠠ ᠨᠢ ᠭᠠᠯ ᠶᠢᠡᠨ ᠪᠠᠳᠠᠷᠠᠭᠠᠵᠤ ᠣᠮᠤᠭᠰᠢᠨ᠎ᠠ

ᠭᠡᠢ᠌ᠮᠦᠷᠢᠳᠤ ᠮᠤᠩᠭ᠋ᠤᠯ ᠰᠦᠯᠵᠢᠶ᠎ᠠ ᠪᠠᠨ

ᠬᠠᠷᠠᠴᠠ ᠶᠢ ᠬᠤᠵᠢᠷᠯᠠᠬᠤ ᠳᠡᠯᠡᠭᠡᠢ ᠭᠡᠭᠦ ᠦᠦ ︖

ᠬᠠᠷᠠᠴᠠ ᠶᠢ ᠬᠤᠵᠢᠷᠯᠠᠬᠤ ᠳᠡᠯᠡᠭᠡᠢ ᠶᠤᠮ ᠪᠣᠯ

ᠬᠠᠵᠠᠭᠤ ᠳᠠᠭᠠᠨ ᠵᠠᠯᠠᠴᠢᠬᠠᠭᠠᠤᠨ ᠪᠠᠬᠠᠷᠬᠠᠵᠤ ᠰᠠᠭᠤᠨᠠᠮ᠃


ᠠᠳᠤᠭᠤᠴᠢᠨ ᠨᠢ ᠣᠷᠭ᠎ᠠ ᠪᠠᠨ ᠳᠤᠯᠵᠤ ᠮᠤᠷᠳᠠᠬᠤ ᠳ᠋ᠤ

ᠠᠭᠳᠠ ᠨᠢ ᠰᠥᠷᠦᠭ᠌ ᠤᠨ ᠪᠠᠯᠴᠢᠭᠡᠷ ᠲᠤ ᠠᠪᠠᠴᠢᠨ᠎ᠠ

ᠠᠩᠴᠢᠨ ᠨᠢ ᠳᠠᠢ᠌ᠭ᠎ᠠ ᠪᠠᠨ ᠳᠠᠭᠠᠭᠤᠯᠵᠤ ᠭᠠᠷᠬᠤ ᠳ᠋ᠤ

ᠠᠪᠠ ᠨᠢ ᠭᠡᠰᠢᠭ᠌ ᠳᠦᠭᠦᠷᠡᠩ ᠪᠣᠴᠠᠭᠤᠯᠤᠨ᠎ᠠ

ᠦᠯᠵᠡᠢ᠌ᠳᠤ ᠮᠤᠩᠭ᠋ᠤᠯ ᠰᠦᠯᠵᠢᠶ᠎ᠠ ᠪᠠᠨ

ᠦᠪ ᠶᠢᠡᠨ ᠬᠠᠮᠠᠭᠠᠯᠠᠬᠤ ᠰᠠᠭᠢᠶ᠎ᠠ ᠭᠡᠭᠦ ᠦᠦ ︖

ᠦᠪ ᠶᠢᠡᠨ ᠬᠠᠮᠠᠭᠠᠯᠠᠬᠤ ᠰᠠᠭᠢᠶ᠎ᠠ ᠶᠤᠮ ᠪᠣᠯ

ᠥᠭᠡᠳᠡ ᠶᠢᠨ ᠭᠡᠢ᠌ᠮᠦᠷᠢ ᠶᠢ ᠴᠢᠨᠢ ᠪᠠᠯᠭᠡᠳᠡᠵᠤ ᠰᠠᠭᠤᠨᠠᠮ᠃


ᠬᠠᠳᠠᠭ ᠨᠢ ᠳᠠᠭᠤᠤ ᠳᠠᠭᠠᠵᠤ ᠮᠢᠷᠠᠯᠵᠠᠬᠤ ᠳ᠋ᠤ

ᠬᠤᠳᠠᠯᠠ ᠨᠢ ᠮᠠᠠᠳᠤ ᠮᠠᠳᠠᠯᠴᠠᠨ ᠵᠤᠯᠭᠠᠯᠴᠠᠨ᠎ᠠ

ᠬᠠᠰᠠᠭ ᠨᠢ ᠳᠠᠤᠯᠠᠢ ᠭᠦᠭᠡᠭᠡᠵᠤ ᠠᠶᠠᠯᠠᠬᠤ ᠳ᠋ᠤ

ᠬᠤᠯᠠ ᠨᠢ ᠬᠠᠷᠠᠭᠠᠨ ᠳᠤ ᠳᠤᠳᠤᠷᠠᠵᠤ ᠣᠢ᠌ᠷᠠᠳᠤᠨ᠎ᠠ

ᠪᠠᠯᠭᠡᠳᠤ ᠮᠤᠩᠭ᠋ᠤᠯ ᠰᠦᠯᠵᠢᠶ᠎ᠠ ᠪᠠᠨ

ᠪᠢᠯᠢᠭ᠌ ᠢ ᠨᠡᠭᠡᠭ᠍ᠳᠡᠭᠦᠯᠭᠦ ᠳᠦᠯᠭᠢᠭᠦᠷ ᠭᠡᠭᠦ ᠦᠦ ︖

ᠪᠢᠯᠢᠭ᠌ ᠢ ᠨᠡᠭᠡᠭ᠍ᠳᠡᠭᠦᠯᠭᠦ ᠳᠦᠯᠭᠢᠭᠦᠷ ᠶᠤᠮ ᠪᠣᠯ

ᠪᠠᠷᠭᠡᠳᠤ ᠶᠢᠨ ᠨᠢᠭᠤᠴᠠ ᠶᠢ ᠴᠢᠮ᠎ᠠ ᠪᠠᠷ ᠶᠢᠡᠨ ᠨᠡᠭᠡᠭᠡᠵᠤ ᠰᠠᠭᠤᠨᠠᠮ᠃


2009.10.20


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠭᠡᠰᠢᠭ᠍ᠳᠡᠨ ᠬᠤᠰᠢᠭᠤᠨ ᠤ ᠪᠢᠷᠠᠭᠤ ᠳ᠋ᠠᠭᠢ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠪᠦᠭᠡᠵᠢᠷᠭᠠᠯ
ᠢᠷᠡᠯᠲᠡ᠄ ᠵᠤᠬᠢᠶᠠᠭᠴᠢ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 2642
ᠴᠠᠭ᠄ 2010 ᠤᠨ ᠤ 01 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ