ᠨᠡᠪᠲᠡᠷᠡᠨ ᠤᠷᠤᠬᠤ
ᠵᠤᠯᠠ ᠡ (ᠬᠤᠶᠠᠷ)

ᠵᠢᠷ ᠤᠨ ᠡᠨᠡ  ᠡᠪᠦᠯ ᠤᠨ

ᠵᠢᠩ ᠳᠠᠭᠠᠭᠠᠭᠰᠠᠨ ᠰᠦᠨᠢ ᠪᠠᠷ

ᠶᠠᠷᠤ ᠵᠢᠨ ᠡᠨᠡ  ᠶ‍ᠢᠰᠤ ᠶᠢᠨ

ᠶᠠᠰᠤ ᠶᠠᠩᠭᠢᠨᠠᠮ᠎ᠠ ᠦᠳᠡᠰᠢ ᠪᠠᠷ

ᠠᠯᠬᠤᠭ᠎ᠠ ᠲᠠᠭᠠᠨ ᠱᠠᠷᠴᠢᠭᠢᠨᠠᠬᠤ

ᠠᠭᠢᠨ ᠪᠠᠭᠤᠭᠰᠠᠨ ᠴᠠᠰᠤ ᠪᠠᠷ

ᠠᠷᠪᠠᠨ ᠳᠠᠪᠤᠨ ᠤ ᠰᠠᠷᠠᠨ ᠤ

ᠠᠰᠠᠭᠰᠠᠨ ᠳ᠋ᠸᠩ ᠰᠢᠭ᠌ ᠭᠡᠷᠡᠯ ᠶᠢᠡᠷ

ᠣᠯᠤᠰ ᠤᠨ ᠨᠢᠳᠤᠨ ᠡᠴᠡ ᠭᠠᠳᠠᠭᠤᠷ ᠪᠢ

ᠭᠣᠢ᠌ᠪᠠᠷᠴᠤ ᠶᠠᠪᠣᠨ᠎ᠠ ᠵᠤᠯᠠ ᠡ

ᠣᠩᠭ᠋ᠤᠰᠬᠤ ᠳᠠᠮᠠᠭᠢᠨ ᠣᠳᠤᠭ᠎ᠠ ᠰᠢᠭ ᠶᠢᠡᠨ

ᠣᠢ᠌ᠮᠠᠷᠴᠤ ᠶᠠᠪᠣᠨ᠎ᠠ ᠵᠤᠯᠠ ᠡ

ᠬᠠᠷ᠎ᠠ ᠨᠢᠳᠤᠨ ᠴᠢᠮᠢ᠋ᠢ ᠪᠠᠨ

ᠳᠤᠷᠠᠰᠤᠨ ᠶᠠᠪᠣᠨ᠎ᠠ ᠵᠤᠯᠠ ᠡ

ᠬᠠᠢ᠌ᠷ᠎ᠠ ᠶᠢᠨ ᠢᠯᠴᠢᠨ ᠳᠤ ᠰᠢᠳᠠᠩᠬᠠᠨ

ᠳᠤᠷᠠᠯᠠᠨ ᠶᠠᠪᠣᠨ᠎ᠠ ᠵᠤᠯᠠ ᠡ

ᠠᠷᠠᠤᠨ ᠤᠨ ᠪᠠᠭᠰᠢ ᠶᠢᠨ ᠭᠡᠷ ᠲᠤ

ᠦᠷ᠎ᠡ ᠨᠢ ᠪᠣᠯᠤᠭᠰᠠᠨ ᠵᠤᠯᠠ ᠮᠢᠨᠢ

ᠠᠵᠠ ᠲᠡᠶ ᠮᠢᠨᠤ ᠰᠡᠳᠭᠢᠯ ᠳᠤ

ᠳᠦᠷᠢ ᠨᠢ ᠱᠤᠭᠤᠭᠳᠠᠭᠰᠠᠨ ᠵᠤᠯᠠ ᠮᠢᠨᠢ

ᠠᠮᠢᠳᠤᠷᠠᠯ ᠤᠨ ᠮᠢᠨᠢ ᠳᠠᠪᠠᠭᠠᠨ ᠳᠤ

ᠨᠠᠷᠠ ᠨᠢ ᠪᠣᠯᠤᠭᠰᠠᠨ ᠵᠤᠯᠠ ᠮᠢᠨᠢ

ᠠᠮᠠᠭᠠᠢ ᠵᠥᠭᠡᠯᠡᠨ ᠰᠢᠯᠦᠭ᠌ ᠤᠨ ᠮᠢᠨᠢ

ᠨᠠᠷ᠎ᠠ ᠨᠢ ᠪᠣᠯᠤᠭᠰᠠᠨ ᠵᠤᠯᠠ ᠮᠢᠨᠢ

ᠭᠦᠯ ᠳᠠᠯᠪᠢᠬᠤ ᠳᠡᠯᠡᠭᠡᠢ ᠳᠤ

ᠭᠦᠴᠤ ᠪᠣᠯᠤᠭᠰᠠᠨ ᠵᠤᠯᠠ ᠮᠢᠨᠢ

ᠭᠦᠷᠡᠩ ᠣᠯᠠᠭᠠᠨ ᠵᠢᠷᠦᠭᠡᠨ ᠤ

ᠭᠦᠰᠡᠯ ᠪᠣᠯᠤᠭᠰᠠᠨ ᠵᠤᠯᠠ ᠮᠢᠨᠢ

ᠴᠡᠯᠡᠭᠡᠷ ᠵᠤᠨ ᠰᠢᠭ ᠴᠡᠭᠡᠵᠢᠨ ᠳᠤ

ᠴᠡᠴᠡᠭ᠌ ᠪᠣᠯᠤᠭᠰᠠᠨ ᠵᠤᠯᠠ ᠮᠢᠨᠢ

ᠴᠢᠭᠢᠨ ᠤ ᠨᠠᠮᠠᠭᠠᠨ ᠳᠤ ᠭᠡᠵᠢᠶᠡᠳᠡ ᠪᠠᠨ

ᠴᠢᠮᠡᠭᠡ ᠨᠢ ᠬᠠᠩᠭᠢᠨᠠᠬᠤ ᠵᠤᠯᠠ ᠮᠢᠨᠢ

ᠳᠠᠭᠤᠤ ᠰᠢᠭ ᠣᠶᠠᠷᠠᠬᠤ ᠪᠣᠳᠤᠯ ᠤᠨ

ᠭᠦᠭ᠌ ᠠᠢ᠌ᠵᠢᠮ ᠵᠤᠯᠠ ᠮᠢᠨᠢ

ᠳᠤᠯᠠᠰᠭᠢᠨ ᠥᠩᠭᠡᠷᠡᠭᠦ ᠨᠠᠰᠤᠨ ᠤ

ᠭᠦᠷ ᠪᠠᠶᠠᠷ ᠵᠤᠯᠠ ᠮᠢᠨᠢ

ᠳᠠᠮᠤᠷ ᠣᠨᠢᠰᠤ ᠰᠢᠭ ᠰᠡᠳᠭᠢᠯ ᠤᠨ

ᠳᠦᠯᠭᠢᠭᠦᠷ ᠪᠣᠯᠤᠭᠰᠠᠨ ᠵᠤᠯᠠ ᠮᠢᠨᠢ

ᠳᠦᠭ᠍ᠰᠢᠭᠦ ᠵᠢᠷᠦᠭᠡᠨ ᠲᠦᠯᠦᠨ ᠳᠡᠭᠡᠷ᠎ᠡ

ᠳᠦᠯᠡᠭᠡ ᠨᠡᠮᠡᠭ᠍ᠰᠡᠨ ᠵᠤᠯᠠ ᠮᠢᠨᠢ

ᠬᠤᠷᠸ᠎ᠠ ᠠᠭᠤᠵᠢᠮ ᠪᠣᠯᠬᠤᠷ

ᠬᠤᠵᠢᠭᠤ ᠳᠠᠨᠢᠯᠴᠠᠯ᠎ᠠ ᠵᠤᠯᠠ ᠮᠢᠨᠢ

ᠬᠤᠵᠢᠮ ᠤᠨ ᠵᠠᠮ ᠳᠤ ᠬᠤᠶᠠᠭᠤᠯᠠ ᠪᠠᠨ

ᠬᠤᠤᠰᠯᠠᠨ ᠶᠠᠪᠣᠶ᠎ᠠ ᠵᠤᠯᠠ ᠮᠢᠨᠢ

ᠡᠨᠡ ᠣᠯᠳᠠᠭᠰᠠᠨ ᠪᠠᠶ᠎ᠠ ᠳᠤ ᠮᠢᠨᠢ

ᠡᠷᠭᠡᠯᠡᠵᠤ ᠲ᠋ᠠᠰᠤᠯ᠎ᠠ ᠵᠤᠯᠠ ᠮᠢᠨᠢ

ᠡᠷᠭᠢᠭᠦ ᠲᠦᠷᠦᠯ ᠪᠠᠢ᠌ᠳᠠᠭ ᠪᠣᠯ

ᠡᠷ᠎ᠡ ᠡᠮ᠎ᠡ ᠪᠣᠯᠤᠶ᠎ᠠ ᠵᠤᠯᠠ ᠮᠢᠨᠢ᠃

ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2729
ᠴᠠᠭ᠄ 2008 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ