☆ ᠪᠠᠶᠠᠭᠤᠳ ᠰᠦᠷ
ᠣᠮᠤᠭ ᠪᠠ ᠳᠤᠮᠤᠭ
ᠭᠠᠯ ᠵᠠᠯᠠᠭᠤ ᠨᠠᠰᠤᠨ ᠤ
ᠭᠦᠰᠡᠯ ᠤᠨ ᠲᠦᠯᠦ ᠳᠤ ᠰᠢᠳᠠᠭᠳᠠᠵᠤ
ᠭᠠᠯᠪᠠ ᠶᠢᠨ ᠨᠢᠭᠤᠴᠠᠬᠠᠨ ᠣᠷᠤᠨ ᠡᠴᠡ
ᠳᠤᠤᠯᠢ ᠶᠢᠨ ᠪᠠᠭᠠᠳᠤᠷ ᠡᠷᠢᠯᠭᠢᠯᠡᠵᠤ
ᠪᠣᠷᠬᠠᠨ ᠪᠣᠮᠪᠠ ᠶᠢᠨ ᠣᠷᠤᠨ ᠤ
ᠪᠠᠷᠠᠭᠠᠨ ᠰᠡᠭᠦᠳᠡᠷ ᠢ ᠠᠷᠢᠯᠭᠠᠬᠤ ᠭᠡᠵᠤ
ᠪᠦᠮᠪᠦᠷᠴᠡᠭ᠌ ᠡᠵᠢ ᠶᠢᠨ ᠭᠤᠨᠢᠭ ᠢ
ᠰᠦ᠋ ᠶᠢᠨ ᠦᠨᠦᠷ ᠶᠢᠠᠷ ᠮᠢᠯᠢᠶᠠᠬᠤ ᠭᠡᠵᠤ
ᠳᠠᠷᠠᠭᠠᠴᠢ ᠶᠢᠨ ᠳᠡᠷᠭᠡᠨ ᠵᠤᠭᠰᠤᠭᠠᠯ ᠢ
ᠰᠤᠯᠤᠩᠭ᠋ᠠᠨ ᠥᠩᠭᠡ ᠪᠠᠷ ᠴᠢᠮᠠᠵᠤ
ᠳᠠᠰᠤᠷᠠᠭᠰᠠᠨ ᠭᠦᠭᠡ ᠳᠤᠭ ᠢ
ᠣᠩᠭ᠋ᠤᠳ ᠤᠨ ᠳᠤᠭᠢᠭᠤᠷ ᠶᠢᠠᠷ ᠬᠤᠷᠣᠢ᠌ᠯᠠᠵᠤ
ᠭᠡᠨ ᠡᠴᠡ ᠴᠤ ᠨᠢᠭᠤᠳᠠᠭ ᠦᠭᠡᠶ
ᠠᠤᠭ᠎ᠠ ᠶᠡᠭᠡ ᠵᠤᠷᠢᠭ
ᠭᠡᠨ ᠳᠤ ᠴᠤ ᠶᠠᠷᠢᠬᠤ ᠡᠴᠡ ᠪᠣᠴᠠᠳᠠᠭ ᠦᠭᠡᠶ
ᠠᠯᠤᠰ ᠤᠨ ᠭᠦᠨ ᠪᠣᠳᠤᠯᠭ᠎ᠠ
ᠵᠢᠷᠠᠨ ᠭᠷᠠᠳᠦ᠋ᠰ ᠤᠨ ᠠᠷᠢᠭᠢ ᠲᠡᠶ ᠬᠠᠮᠳᠤ
ᠬᠤᠭᠤᠯᠠᠨ ᠭᠡᠷ ᠡᠴᠡ ᠠᠶᠠᠷᠯᠠᠨ᠎ᠠ
ᠬᠤᠷᠢᠨ ᠨᠠᠰᠤᠨ ᠤ ᠣᠶᠤᠳᠠᠨ ᠠᠮᠢᠳᠤᠷᠠᠯ ᠲᠡᠶ
ᠰᠤᠷᠭᠠᠭᠤᠯᠢ ᠶᠢᠨ ᠭᠦᠷᠢᠶᠡᠨ ᠡᠴᠡ ᠵᠠᠢ᠌ᠳᠠᠨᠠ
ᠪᠣᠷᠵᠠᠩᠳᠠᠭᠰᠠᠨ ᠡᠭᠦᠯᠡᠰ ᠤᠨ ᠰᠥᠷᠦᠭ᠌ ᠲᠡᠶ
ᠬᠠᠤᠭᠢᠬᠤ ᠰᠠᠯᠭᠢᠨ ᠳᠤ ᠵᠠᠪᠬᠠᠷᠠᠨᠠ
ᠬᠤᠳᠠᠵᠢᠭᠰᠠᠨ ᠰᠢᠨ᠎ᠠ ᠭᠦᠳᠡᠭᠡ ᠶᠢᠨ
ᠪᠣᠭᠢᠷᠳᠠᠭᠰᠠᠨ ᠠᠭᠠᠷ ᠲᠤ ᠵᠠᠮᠬᠠᠷᠠᠨ᠎ᠠ᠃
ᠪᠠᠭᠠᠷᠢᠨ ᠵᠡᠭᠦᠨ ᠬᠤᠰᠢᠭᠤᠨ ᠤ ᠪᠠᠶᠠᠠᠨᠢᠷᠤᠭᠤ ᠪᠦᠷᠢᠨ ᠪᠠᠭ᠎ᠠ ᠰᠤᠷᠭᠠᠭᠤᠯᠢ
ᠵᠤᠬᠢᠶᠠᠭᠴᠢ᠄ ᠪᠠᠶᠠᠭᠤᠳ ᠰᠦᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2650
ᠴᠠᠭ᠄ 2009 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ