ᠨᠡᠪᠲᠡᠷᠡᠨ ᠤᠷᠤᠬᠤ
ᠠᠷᠢᠭᠢ
[ᠱᠤᠭ ᠰᠢᠯᠦᠭ᠌]

ᠯᠤᠩᠬᠤᠨ ᠳᠤ ᠪᠠᠢ᠌ᠬᠤ ᠳᠠᠭᠠᠨ

ᠯᠤᠳᠤ ᠬᠠᠷ᠎ᠠ᠂

ᠯᠠᠩ ᠡᠴᠠ ᠪᠠᠨ ᠭᠡᠳᠦᠷᠡᠪᠠᠯ

ᠯᠠᠭ ᠬᠠᠷ᠎ᠠ᠃

ᠰᠤᠷᠤᠭᠤᠯ ᠳᠤ ᠪᠠᠢ᠌ᠬᠤ ᠳᠠᠭᠠᠨ

ᠰᠤᠯᠠ ᠬᠠᠷ᠎ᠠ᠂

ᠰᠤᠷᠤᠬᠤ ᠨᠢ ᠠᠬᠠᠳᠠᠪᠠᠯ

ᠰᠤᠬᠤᠷ ᠬᠠᠷ᠎ᠠ᠃

ᠭᠠᠯᠠᠭᠤᠳᠤ ᠳᠤ ᠪᠠᠢ᠌ᠬᠤ ᠳᠠᠭᠠᠨ

ᠭᠠᠩᠭ᠋ᠠᠩ ᠬᠠᠷ᠎ᠠ᠂

ᠭᠠᠮ ᠦᠭᠡᠶ ᠣᠭᠤᠴᠢᠪᠠᠯ

ᠭᠠᠯᠵᠠᠭᠤ ᠬᠠᠷ᠎ᠠ᠃

ᠳᠡᠯᠭᠡᠭᠦᠷ ᠲᠤ ᠪᠠᠢ᠌ᠬᠤ ᠳᠠᠭᠠᠨ

ᠳᠡᠭᠡᠵᠢ ᠬᠠᠷ᠎ᠠ᠂

ᠳᠠᠩᠰᠠᠨ ᠡᠴᠠ ᠪᠠᠨ ᠭᠠᠷᠪᠠᠯ

ᠳᠡᠭᠡᠷᠡᠩᠭᠦᠢ ᠬᠠᠷ᠎ᠠ᠃

ᠶᠠᠮᠤᠨ ᠳᠤ ᠪᠠᠢ᠌ᠬᠤ ᠳᠠᠭᠠᠨ

ᠶᠠᠯ᠎ᠠ ᠦᠭᠡᠶ ᠬᠠᠷ᠎ᠠ᠂

ᠶᠠᠩ ᠦᠭᠡᠶ ᠣᠤᠭᠤᠪᠠᠯ

ᠶᠠᠪᠠ ᠬᠠᠷ᠎ᠠ᠃

ᠭᠷᠠᠳᠦ᠋ᠰ ᠲᠤ ᠪᠠᠢ᠌ᠬᠤ ᠳᠠᠭᠠᠨ

ᠭᠠᠪᠠ ᠦᠭᠡᠶ ᠬᠠᠷ᠎ᠠ᠂

ᠭᠠᠭᠴᠠᠬᠠᠨ ᠭᠦᠡᠳᠦᠷᠡᠪᠠᠯ  

ᠭᠠᠯ ᠬᠠᠷ᠎ᠠ᠃

ᠬᠠᠷ᠎ᠠ ᠬᠠᠷ᠎ᠠ ᠬᠠᠷ᠎ᠠ

ᠬᠠᠯᠠᠭᠤᠨ ᠭᠦᠢᠳᠡᠨ ᠲᠡᠶ ᠬᠠᠷ᠎ᠠ᠂

ᠬᠠᠢ᠌ᠷᠠᠨ ᠪᠠᠶ᠎ᠠ ᠶᠢ ᠦᠷᠢᠳᠡᠭ᠌

ᠬᠠᠮᠠᠭᠤ ᠳᠤᠮᠤᠭᠤ ᠲᠡᠶ ᠬᠠᠷ᠎ᠠ᠃

ᠠᠯᠢ ᠳᠢᠪ ᠲᠤ ᠴᠤ ᠪᠠᠢ᠌ᠳᠠᠭ

ᠠᠯᠳᠠᠨ ᠳᠠᠰ ᠲᠡᠶ ᠬᠠᠷ᠎ᠠ᠂

ᠠᠢ᠌ᠯ ᠨᠠᠢ᠌ᠷ ᠤᠨ ᠰᠢᠷᠡᠭᠡᠨ ᠳᠤ ᠴᠤ

ᠠᠮᠳᠠ ᠠᠭᠰᠤᠮ ᠲᠡᠶ ᠬᠠᠷ᠎ᠠ᠃


ᠵᠤᠬᠢᠶᠠᠭᠴᠢ ᠶᠢᠨ ᠬᠠ‍‌ᠶᠢᠭ ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠰᠤᠷᠭᠠᠨ ᠭᠦᠮᠦᠵᠢᠯ ᠤᠨ ᠳᠤᠪᠴᠢᠶ᠎ᠠ ᠶᠢᠨ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠪᠠ᠊·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3193
ᠴᠠᠭ᠄ 2011 ᠤᠨ ᠤ 02 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ