ᠨᠡᠪᠲᠡᠷᠡᠨ ᠤᠷᠤᠬᠤ
ᠥᠨᠦᠳᠤᠷ ᠪᠢ ᠳᠠᠪᠢ ᠳᠠᠢ

ᠵᠠᠭᠤᠨ ᠶᠢᠡᠷ ᠳᠤᠭᠠᠯᠠᠳᠠᠭ

ᠣᠨ ᠳᠤᠭᠠᠯᠠᠯ ᠤᠨ ᠵᠢᠠᠨ

ᠵᠤᠭᠤᠭ᠎ᠠ ᠲᠡᠶ ᠵᠤᠭᠤᠭ ᠨᠢ

ᠶᠠᠪᠣᠬᠤ ᠶᠤᠮ ᠭᠡᠵᠤ

ᠵᠤᠯᠠᠢ᠌ᠳᠠᠵᠤ ᠣᠨᠠᠭᠰᠠᠨ

ᠨᠤᠳᠤᠭ ᠰᠢᠷᠤᠢ ᠶᠢᠨ ᠵᠢᠠᠨ

ᠵᠤᠯᠢ ᠵᠢᠪᠬᠤᠭ᠎ᠠ ᠶᠢ ᠨᠢ

ᠡᠵᠡ᠊ᠨᠳᠡᠭᠦ ᠶᠤᠮ ᠭᠡᠵᠤ

ᠬᠠᠷᠠᠪᠠᠷᠰ ᠵᠢᠯ ᠡᠴᠠ ᠨᠠᠰᠢ

ᠬᠠᠭᠠᠰ ᠵᠠᠭᠤᠨ ᠶᠢᠡᠷ ᠭᠦᠶ‍ᠦᠭ᠍ᠰᠡᠨ ᠶᠤᠮ᠃

ᠬᠠᠷᠠᠩᠭ᠋ᠤᠢ ᠪᠦᠷᠦᠩᠭᠦᠢ ᠡᠳᠦᠷ ᠤᠳ ᠤᠨ

ᠨᠠᠷᠠ ᠶᠢ ᠨᠢ ᠡᠪᠦᠷᠯᠡᠵᠤ ᠠᠶᠠᠯᠠᠭᠰᠠᠨ ᠶᠤᠮ᠃

ᠵᠤᠨ ᠶᠢᠡᠷ ᠨᠤᠭᠤᠭᠠᠷᠠᠳᠠᠭ

ᠳᠠᠯ᠎ᠠ ᠶᠢᠨ ᠵᠢᠠᠨ

ᠵᠢᠰᠤ ᠶᠢ ᠨᠢ ᠬᠠᠢ᠌ᠷᠠᠯᠠᠵᠤ

ᠵᠢᠷᠭᠠᠬᠤ ᠶᠤᠮ ᠭᠡᠵᠤ

ᠵᠡᠭᠡᠰᠤ ᠬᠤᠯᠤᠰᠤᠳᠠᠢ

ᠨᠠᠭᠤᠷ ᠭᠤᠤᠯ ᠤᠨ ᠵᠢᠠᠨ

ᠰᠢᠪᠠᠭᠤᠳ ᠢ ᠨᠢ ᠬᠠᠮᠠᠭᠠᠯᠠᠵᠤ

ᠢ᠌ᠷᠭᠢᠭᠦᠯᠭᠦ ᠶᠤᠮ ᠭᠡᠵᠤ

ᠳᠠᠷᠠ ᠵᠢᠯ ᠡᠴᠠ ᠨᠠᠰᠢ

ᠳᠠᠪᠢᠨ ᠣᠨ ᠶᠢᠡᠷ ᠭᠦᠶ‍ᠦᠭ᠍ᠰᠡᠨ ᠶᠤᠮ᠃

ᠳᠠᠪᠢᠯᠠᠩ ᠳᠤ ᠲᠤᠬᠢᠶᠠᠯᠳᠤᠭᠰᠠᠨ ᠪᠦᠭᠦᠨ ᠶᠢᠡᠨ ᠪᠢ

ᠳᠠᠯᠪᠢᠵᠤ ᠴᠢᠳᠠᠬᠤ ᠦᠭᠡᠶ ᠬᠠᠢ᠌ᠷᠠᠯᠠᠭᠰᠠᠨ ᠶᠤᠮ᠃

ᠪᠣᠰᠤᠭ᠎ᠠ ᠪᠠᠷ ᠪᠢᠴᠢᠳᠡᠭ᠌

ᠮᠤᠩᠭ᠋ᠤᠯ ᠰᠤᠶᠤᠯ ᠤᠨ ᠵᠢᠠᠨ

ᠣᠭᠤᠷᠠᠭ ᠰᠢᠮ᠎ᠠ ᠶᠢ ᠨᠢ

ᠥᠪᠠᠷᠴᠢᠯᠡᠭᠦ ᠶᠤᠮ ᠭᠡᠵᠤ

ᠵᠤᠭᠰᠤᠭ᠎ᠠ ᠪᠠᠷ ᠵᠢᠷᠭᠠᠳᠠᠭ

ᠮᠤᠷᠢᠳᠠᠨ ᠵᠠᠶᠠᠭ᠎ᠠ ᠶᠢᠨ ᠵᠢᠠᠨ

ᠣᠩᠭ᠋ᠤᠳ ᠭᠡᠢ᠌ᠮᠦᠷᠢ ᠢ ᠨᠢ

ᠥᠪᠯᠡᠭᠦ ᠶᠤᠮ ᠭᠡᠵᠤ

ᠵᠢᠷᠠᠨ ᠬᠤᠶᠠᠷ ᠣᠨ ᠡᠴᠠ ᠨᠠᠰᠢ

ᠵᠠᠭᠤᠨ ᠬᠠᠭᠠᠰ ᠠᠶᠠᠠᠰᠢᠭᠰᠠᠨ ᠶᠤᠮ᠃

ᠵᠤᠯᠠ ᠪᠦᠭᠦᠨ ᠤ ᠴᠥᠭᠦᠴᠡ ᠳ᠋ᠤ

ᠮᠤᠩᠭ᠋ᠤᠯ ᠰᠥᠵᠦᠭ᠌ ᠶᠢᠡᠨ ᠨᠡᠮᠡᠭ᠍ᠰᠡᠨ ᠶᠤᠮ᠃

ᠵᠢᠯ ᠪᠦᠷᠢ ᠶᠢᠨ

ᠰᠢᠨ᠎ᠡ ᠶᠢᠨ ᠳᠠᠪᠤᠨ ᠢ

ᠴᠠᠭ ᠪᠦᠭᠦᠨ ᠤ ᠪᠠᠨ

ᠡᠭᠢᠨ ᠤ ᠰᠸᠺᠦ᠋ᠨᠳ᠋ ᠶᠢᠡᠷ ᠣᠩᠰᠢᠵᠤ

ᠵᠢᠷᠭᠠᠯ ᠤᠨ ᠳᠡᠭᠡᠳᠤ

ᠣᠷᠤᠰᠢᠬᠤᠢ ᠶᠢᠨ ᠪᠣᠶᠠᠨ ᠢ

ᠴᠢᠮ᠎ᠠ ᠳᠤ ᠬᠠᠢ᠌ᠯᠠᠭᠰᠠᠨ

ᠬᠠᠢ᠌ᠷ᠎ᠠ ᠪᠠᠷ ᠭᠠᠮᠨᠠᠵᠤ

ᠬᠠᠷᠠᠪᠠᠷᠰ ᠵᠢᠯ ᠡᠴᠠ ᠨᠠᠰᠢ

ᠬᠠᠭᠠᠰ ᠵᠠᠭᠤᠨ ᠶᠢᠡᠷ ᠭᠦᠶ‍ᠦᠭ᠍ᠰᠡᠨ ᠶᠤᠮ᠃

ᠬᠠᠷᠠᠩᠭ᠋ᠤᠢ ᠪᠦᠷᠦᠩᠭᠦᠢ ᠡᠳᠦᠷ ᠤᠳ ᠤᠨ

ᠨᠠᠷᠠ ᠶᠢ ᠨᠢ ᠡᠪᠦᠷᠯᠡᠵᠤ ᠠᠶᠠᠯᠠᠭᠰᠠᠨ ᠶᠤᠮ᠃


ᠴᠠᠭᠠᠭᠴᠢᠨ ᠳᠠᠤᠯᠠᠢ ᠵᠢᠯ ᠤᠨ ᠴᠠᠭᠠᠨ ᠰᠠᠷᠠᠢ᠌ᠨ ᠰᠢᠨ᠎ᠡ ᠶᠢᠨ ᠳᠠᠪᠤᠨ


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2011 ᠤᠨ ᠤ 02 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ