ᠨᠡᠪᠲᠡᠷᠡᠨ ᠤᠷᠤᠬᠤ
ᠡᠮᠦᠨ᠎ᠡ ᠰᠢᠷᠡᠭᠡᠨ ᠳᠤ ᠴᠢ ᠰᠠᠭᠤᠳᠠᠭ ᠪᠠᠢ᠌ᠭᠰᠠᠨ

ᠭᠢᠴᠢᠶᠡᠯᠯᠡᠭᠡ

ᠮᠠᠨ ᠤ ᠭᠡᠯᠡ ᠦᠭᠡᠶ ᠨᠢᠭᠡᠴᠡ ᠪᠢᠯᠠ

ᠭᠡᠨ ᠨᠢᠭᠡᠨ ᠳᠡᠭᠡᠨ ᠪᠢᠳᠠ

ᠳᠠᠭᠤ ᠦᠭᠡᠶ ᠳᠠᠰᠴᠤ ᠪᠢᠯᠠ

ᠡᠮᠦᠨ᠎ᠡ ᠰᠢᠷᠡᠭᠡᠨ ᠳᠤ ᠮᠢᠨᠢ ᠴᠢ ᠰᠠᠭᠤᠳᠠᠭ ᠪᠠᠢ᠌ᠭᠰᠠᠨ

ᠡᠪᠯᠢᠭ᠌ ᠪᠣᠷᠤᠬᠠᠨ ᠵᠢᠰᠤ ᠲᠡᠶ ᠰᠠᠢ᠌ᠬᠠᠨ ᠭᠡᠦᠭᠡᠨ ᠪᠠᠢ᠌ᠭᠰᠠᠨ

ᠡᠪᠠᠷ ᠭᠡᠵᠢᠭᠡ ᠴᠢᠨᠢ ᠬᠠᠶᠠ ᠳᠠᠰᠬᠠᠯ ᠢ ᠮᠢᠨᠢ ᠭᠤᠬᠠᠳᠠᠵᠤ ᠣᠨᠠᠭᠠᠴᠢᠬᠠᠬᠤ ᠳ᠋ᠤ

ᠡᠷᠭᠢᠵᠤ ᠬᠠᠠᠳᠤᠭᠠᠤᠨ ᠴᠢ ᠠᠪᠴᠤ ᠥᠭ᠍ᠳᠡᠭ᠌ ᠪᠠᠢ᠌ᠭᠰᠠᠨ

ᠡᠪᠭᠦᠢ᠌ᠷᠡᠭ᠍ᠰᠡᠨ ᠬᠠᠷᠠᠴᠠ ᠪᠠᠷ ᠨᠠᠮ᠎ᠠ ᠶᠢ ᠰᠢᠷᠳᠡᠭ᠍ᠰᠡᠨ ᠵᠢᠠᠨ

ᠡᠢ᠌ᠭᠦ ᠪᠠᠨ ᠣᠯ ᠶᠠᠳᠠᠭᠰᠠᠨ ᠪᠢᠳᠠᠭᠤ ᠢᠨᠢᠶᠠᠳᠤ

ᠬᠠᠴᠠᠷ ᠳᠡᠭᠡᠷ᠎ᠡ ᠴᠢᠨᠢ ᠪᠢᠴᠢᠭ᠍ᠳᠡᠳᠡᠭ᠌ ᠪᠠᠢ᠌ᠭᠰᠠᠨ

ᠳᠠᠷᠠ ᠦᠶ᠎ᠡ ᠳᠤ ᠪᠢ ᠴᠢᠮ᠎ᠠ ᠳᠤ ᠡᠭ᠍ᠳᠡᠭᠦᠴᠡᠳᠡᠭ᠌ ᠪᠠᠢ᠌ᠭᠰᠠᠨ

ᠳᠢᠭ᠌ ᠦᠭᠡᠶ ᠭᠡᠦᠭᠡᠨ ᠶ‍ᠦᠮ ᠭᠡᠵᠤ ᠳᠤᠷ᠎ᠠ ᠥᠭᠡᠢ᠌ᠴᠡᠳᠡᠭ᠌ ᠴᠤ ᠪᠠᠢ᠌ᠭᠰᠠᠨ

ᠳᠣᠢ᠌ᠮᠠᠷ ᠰᠢᠭ᠌ ᠣᠯᠠᠢ᠌ᠭᠰᠠᠨ ᠨᠢᠭᠤᠷ ᠢ ᠴᠢᠨᠢ ᠬᠠᠷᠠᠭᠠᠤᠨ

ᠳᠡᠳᠡᠭᠡᠷ ᠣᠠᠳᠤᠭᠤᠴᠠᠯ ᠮᠢᠨᠢ ᠪᠠᠰᠠ ᠠᠷᠢᠯᠳᠠᠭ ᠪᠠᠢ᠌ᠭᠰᠠᠨ

ᠠᠩᠭᠢ ᠳᠠᠭᠠᠨ ᠴᠢ ᠣᠠᠴᠠ ᠰᠤᠷᠳᠠᠭ ᠪᠠᠢ᠌ᠭᠰᠠᠨ

ᠠᠯᠢ ᠴᠤ ᠰᠢᠯᠭᠠᠯᠳᠠ ᠳᠤ ᠳᠡᠭᠡᠭᠦᠷ ᠰᠢᠯᠭᠠᠳᠠᠭ ᠪᠠᠢ᠌ᠭᠰᠠᠨ

ᠠᠯᠢᠪᠠ ᠭᠦᠴᠢᠷ ᠰᠠᠳᠤᠪ ᠢ ᠬᠠᠶᠠ ᠴᠢᠮ᠎ᠠ ᠡᠴᠡ ᠠᠰᠠᠭᠤᠬᠤ ᠳ᠋ᠤ

ᠢᠯᠭᠤᠮ ᠳᠠᠢ᠌ᠯᠪᠣᠷᠢᠯᠠᠴᠢᠬᠠᠭᠠᠤᠨ ᠠᠵᠢᠭ ᠦᠭᠡᠶ ᠨᠠᠮᠬᠠᠨ ᠰᠠᠭᠤᠳᠠᠭ ᠪᠠᠢ᠌ᠭᠰᠠᠨ

ᠠᠮᠢᠳᠤᠷᠠᠯ ᠳᠡᠭᠡᠭᠦ ᠳᠤ ᠬᠤᠶᠠᠷᠬᠠᠨ ᠰᠠᠳᠤᠪ ᠲᠤ ᠬᠠᠷᠢᠭᠤᠯᠤᠭᠳᠠᠳᠠᠭ ᠦᠭᠡᠶ ᠣᠨᠢᠰᠤᠭ᠎ᠠ ᠪᠠᠢ᠌ᠭᠰᠠᠨ

ᠠᠯᠢ ᠨᠢᠭᠡᠨ ᠤ ᠪᠠᠨ ᠡᠮᠦᠨ᠎ᠡ ᠪᠢᠳᠠ ᠠᠶᠠᠠᠳᠠᠭᠠᠨ ᠳᠤᠮᠤᠭᠠᠷᠠᠳᠠᠭ ᠵᠠᠯᠠᠭᠤ ᠪᠣᠯᠤᠭᠰᠠᠨ

ᠠᠷᠪᠠᠨ ᠨᠢ᠋ᠮᠠᠨ ᠨᠠᠰᠤ ᠮᠢᠨᠢ ᠠᠯᠢᠶᠠᠷᠬᠠᠯ ᠡᠴᠡ ᠪᠠᠨ ᠢᠩᠭᠢᠵᠤ ᠠᠶᠠᠷᠯᠠᠭᠰᠠᠨ

ᠣᠠᠴᠠ ᠨᠢᠭᠡ ᠰᠠᠭᠠᠳᠤᠬᠤ ᠳᠤ ᠴᠢᠨᠢ ᠣᠷᠤᠨ ᠵᠢᠷᠦᠭᠡ ᠮᠢᠨᠢ ᠣᠩᠭ᠋ᠣᠢ᠌ᠳᠠᠭ ᠪᠣᠯᠤᠭᠰᠠᠨ

ᠪᠢᠷ ᠶᠢᠡᠨ ᠪᠢ ᠵᠤᠷᠢᠭᠤᠳᠠ ᠣᠨᠠᠭᠠᠳᠠᠭ ᠪᠠᠢ᠌ᠭᠰᠠᠨ

ᠪᠦᠱᠦᠭᠦᠷᠭᠡᠭ᠍ᠰᠡᠨ ᠬᠠᠯᠳᠤ ᠬᠠᠷᠠᠴᠠ ᠲᠡᠶ ᠪᠠᠨ ᠴᠢ ᠰᠢᠷᠡᠭᠡᠨ ᠳᠡᠭᠡᠷ᠎ᠡ ᠮᠢᠨᠢ ᠳᠠᠯᠪᠢᠵᠤ ᠥᠭ᠍ᠳᠡᠭ᠌ ᠪᠠᠢ᠌ᠭᠰᠠᠨ

ᠪᠢᠴᠢᠭ᠍ᠰᠡᠨ ᠰᠢᠯᠦᠭ᠌ ᠢ ᠮᠢᠨᠢ ᠳᠡᠭᠡᠵᠤ ᠬᠠᠷᠠᠴᠢᠬᠠᠭᠠᠤᠨ

ᠪᠢᠰᠢᠷᠡᠭ᠍ᠰᠡᠨ ᠬᠠᠷᠠᠴᠠ ᠲᠡᠶ ᠪᠠᠨ ᠪᠣᠴᠠᠵᠤ ᠬᠠᠠᠳᠤᠳᠠᠭ ᠪᠠᠢ᠌ᠭᠰᠠᠨ

ᠬᠣᠢ᠌ᠨ᠎ᠠ ᠡᠮᠦᠨ᠎ᠡ ᠪᠠᠨ ᠪᠢᠳᠠ ᠬᠤᠶᠠᠷ ᠵᠢᠯ ᠰᠠᠭᠤᠯᠴᠠᠭᠰᠠᠨ ᠴᠤ

ᠬᠤᠭᠤᠷᠤᠠᠳᠤ ᠪᠠᠨ ᠬᠠᠷᠢᠨ ᠳᠠᠮᠠᠢ ᠬᠤᠶᠠᠷ ᠥᠭᠡ ᠰᠤᠯᠢᠯᠴᠠᠳᠠᠭ ᠦᠭᠡᠶ ᠪᠠᠢ᠌ᠭᠰᠠᠨ

ᠬᠤᠷᠢᠨ ᠨᠠᠰᠤᠨ ᠤ ᠬᠤᠩᠭ᠋ᠤᠷ ᠵᠢᠷᠦᠭᠡᠨ ᠤ ᠳᠦᠭ᠍ᠰᠢᠯᠳᠡ ᠳᠤᠮᠳᠠ

ᠬᠤᠪᠢ ᠵᠠᠶᠠᠭᠠᠨ ᠤ ᠭᠤᠳᠤᠮ ᠶᠢᠡᠷ

ᠬᠤᠪᠢ ᠬᠤᠪᠢᠨ ᠤ ᠵᠠᠮ ᠶᠢᠡᠨ ᠡᠯᠭᠦᠭ᠍ᠰᠡᠨ᠃

ᠳᠡᠭᠦᠰᠭᠦ ᠳᠠᠷᠠ ᠥᠳᠡᠰᠢᠯᠡᠭᠡ ᠳᠡᠭᠡᠷ᠎ᠡ ᠴᠢ

ᠳᠦᠩᠰᠦᠭᠦᠷ ᠨᠢ ᠠᠷᠭ᠎ᠠ ᠦᠭᠡᠶ ᠪᠠᠢ᠌ᠭᠰᠠᠨ

ᠳᠦᠭᠦᠭᠡ ᠦᠭᠡᠶ ᠨᠠᠰᠤᠨ ᠤ ᠲᠦᠪᠰᠢᠨ ᠡᠴᠡ ᠪᠢᠳᠠ

ᠶᠠᠭᠤ ᠨᠢᠭᠡ ᠶᠢ ᠣᠬᠠᠭᠠᠷᠠᠬᠤ ᠰᠢᠭ ᠪᠣᠯᠤᠭᠰᠠᠨ ᠁

ᠪᠠᠯᠡᠭ᠌ ᠪᠣᠯᠭᠠᠵᠤ ᠳᠡᠮᠳᠡᠭᠯᠡᠯ ᠨᠢᠭᠡ ᠶᠢ ᠳᠤᠷᠠᠰᠬᠠᠭᠰᠠᠨ ᠵᠢᠠᠨ

ᠪᠠᠷᠭᠡᠰᠢᠶᠡᠭ᠍ᠰᠡᠨ ᠪᠠᠢ᠌ᠳᠠᠯ ᠲᠡᠶ ᠴᠤ 《ᠪᠠᠶᠠᠷᠳᠠᠢ》 ᠭᠡᠵᠤ ᠨᠢᠳᠤ ᠴᠢᠨᠢ ᠨᠠᠳᠠᠳᠤ ᠭᠡᠯᠡᠭ᠍ᠰᠡᠨ

ᠪᠦᠷ ᠴᠤ ᠳᠡᠭᠡᠭᠡᠳ ᠳᠤᠷᠤᠭᠰᠢ ᠪᠠᠨ ᠬᠠᠷᠠᠴᠢᠬᠠᠭᠰᠠᠨ

ᠪᠦᠭᠦᠢᠵᠤ ᠴᠢ ᠱᠠᠬᠠᠢ ᠶᠢᠨ ᠣᠶᠠᠳᠠᠯ ᠶᠢᠡᠨ ᠵᠠᠰᠠᠭᠰᠠᠨ ᠁

ᠰᠡᠳᠭᠢᠯ ᠤᠨ ᠡᠨᠡ ᠥᠷᠳᠡᠭᠡᠨ ᠡᠴᠡ ᠪᠠᠨ

ᠰᠡᠮᠡᠭᠡᠷ ᠵᠢᠭᠤᠳᠠᠬᠤ ᠰᠢᠭ ᠮᠠᠷᠭᠠᠰᠢ ᠨᠢ ᠪᠢ ᠮᠤᠷᠳᠠᠭᠰᠠᠨ

ᠰᠠᠪ ᠲᠡᠶ ᠵᠢᠷᠦᠭᠡᠨ ᠤ ᠰᠠᠪ ᠦᠭᠡᠶ ᠮᠠᠠᠳᠠᠯ ᠳᠡᠭᠡᠭᠦᠷ

ᠰᠡᠭᠦᠳᠡᠷ ᠴᠢᠨᠢ ᠬᠠᠶᠠ ᠰᠦᠮᠠᠯᠵᠠᠵᠤ ᠥᠩᠭᠡᠷᠡᠳᠡᠭ᠌ ᠪᠣᠯᠤᠭᠰᠠᠨ ᠁

᠁ ᠁ ᠁

ᠡᠮᠦᠨ᠎ᠡ ᠰᠢᠷᠡᠭᠡᠨ ᠳᠤ ᠴᠢ ᠰᠠᠭᠤᠳᠠᠭ ᠪᠠᠢ᠌ᠭᠰᠠᠨ

ᠡᠪᠯᠢᠭ᠌ ᠪᠣᠷᠤᠬᠠᠨ ᠵᠢᠰᠤ ᠲᠡᠶ ᠰᠠᠢ᠌ᠬᠠᠨ ᠭᠡᠦᠭᠡᠨ ᠪᠠᠢ᠌ᠭᠰᠠᠨ ᠁

ᠵᠤᠬᠢᠶᠠᠭᠴᠢ᠄ ᠳ·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2009 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ