☆ ᠭᠦᠷᠵᠡᠪ
ᠪᠦᠷᠭᠦᠤᠨ
ᠪᠦᠷ ᠴᠤ ᠡᠷᠳᠡᠨ ᠤ ᠦᠯᠦᠨ ᠳᠤᠮᠤᠭ
ᠪᠦᠷᠳᠦᠯᠵᠢᠨ ᠬᠠᠷᠠᠭᠳᠠᠬᠤ ᠬᠤᠯᠠ ᠶᠢᠨ ᠰᠢᠭᠤᠷᠭᠠ
ᠪᠦᠭᠦᠷᠡᠭ᠌ ᠰᠢᠭᠦᠷᠡᠭ᠍ᠰᠡᠨ ᠰᠢᠭᠤᠷᠠᠬᠠᠢ ᠬᠠᠷᠠᠴᠠ
ᠪᠦᠷᠦᠢ ᠳᠤᠯᠤᠭᠰᠠᠨ ᠡᠷᠡᠮᠡᠭ᠌ ᠵᠤᠭᠰᠤᠴᠠ
ᠪᠦᠷᠭᠦᠤᠨ ᠪᠢᠯᠠ
ᠪᠦᠳᠦᠷᠡᠰᠢ ᠦᠭᠡᠶ ᠵᠤᠷᠢᠭ ᠪᠢᠯᠠ
ᠰᠠᠯᠭᠢ ᠰᠥᠷᠯᠡᠭᠢᠯᠡᠭᠦ ᠰᠠᠨᠠᠭᠠ᠂ ᠠᠬᠤᠢ
ᠰᠠᠪᠠᠷᠳᠠᠬᠤ᠂ ᠰᠠᠮᠤᠷᠳᠠᠬᠤ ᠰᠠᠮᠪᠠᠭᠠ ᠳᠦᠷᠭᠦ
ᠰᠠᠢ᠌ᠬᠠᠨ ᠢ ᠪᠠᠯᠭᠡᠰᠢᠶᠡᠭᠦ ᠵᠦᠩ᠂ ᠭᠦᠰᠡᠯ
ᠽᠠᠠᠪᠣᠳᠢᠪ ᠢ ᠵᠠᠭᠢᠷᠠᠬᠤ ᠵᠡᠭᠦᠳᠤ᠂ ᠭᠢᠯᠢᠩᠨᠠᠯ
ᠪᠦᠷᠭᠦᠤᠨ ᠪᠢᠯᠠ
ᠪᠦᠳᠡᠭᠡᠢ᠌ᠷᠡᠰᠢ ᠦᠭᠡᠶ ᠵᠢᠪᠬᠤᠭᠠ ᠪᠢᠯᠠ
ᠠᠯᠤᠰ ᠢ ᠰᠡᠮᠰᠡᠴᠡᠭᠦ ᠬᠠᠯᠵᠢᠨ ᠣᠬᠠᠭᠠᠨ
ᠠᠭᠠᠷ ᠢ ᠳᠦᠢᠮᠡᠷᠳᠡᠭᠦ ᠳᠤᠭᠰᠢᠨ ᠠᠭᠠᠯᠢ
ᠠᠳᠠᠭᠠᠳᠠᠨ ᠶᠢᠡᠨ ᠳᠠᠷᠤᠩᠭ᠋ᠣᠢ᠌ᠯᠠᠬᠤ ᠠᠭᠤᠷ᠂ ᠪᠠᠭᠳᠠᠷᠠᠯ
ᠠᠠᠳᠠ ᠪᠠᠨ ᠳᠦᠰᠢᠯᠴᠡᠭᠦ ᠠᠠᠳᠠᠭᠠᠢ᠂ ᠳᠠᠩᠭ᠋ᠠᠷᠢᠭ
ᠪᠦᠷᠭᠦᠤᠨ ᠪᠢᠯᠠ
ᠪᠦᠷᠳᠤᠨ ᠰᠠᠷᠠᠯ ᠳᠡᠭ᠍ᠷᠢ ᠪᠢᠯᠠ
1998᠂ 10᠂ 30 (ᠨᠡᠢ᠌ᠳᠡᠯᠡᠭ᠍ᠳᠡᠭᠡ ᠦᠭᠡᠶ ᠰᠢᠯᠦᠭ᠌)
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄
ᠰᠢᠯᠦᠭᠳᠠᠷᠤᠮ᠄ 2645
ᠴᠠᠭ᠄ 2009 ᠤᠨ ᠤ 04 ᠰᠠᠷᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ