☆ ᠪᠤᠷᠵᠢᠭᠢᠨ·ᠴᠡᠩᠭᠡᠷ ᠡᠪᠡᠰᠦ
ᠤᠶᠤᠳᠠᠳ ᠢ ᠬᠠᠷᠠᠬᠤ ᠳᠤ ᠤᠢ ᠭᠤᠲᠤᠨ᠎ᠠ
ᠶᠡᠭᠡ ᠰᠤᠷᠭᠠᠭᠤᠯᠢ ᠳᠤ ᠰᠢᠯᠭᠠᠭᠤᠯᠵᠤ ᠣᠷᠤᠭᠰᠠᠨ ᠨᠢ ᠮᠢᠨᠤ ᠭᠦᠮᠤᠨ ᠤ ᠶᠠᠰᠤ ᠶᠢ ᠣᠯᠵᠤ᠂ ᠨᠠᠷᠠᠳᠤ ᠣᠷᠴᠢᠯᠠᠩ ᠳᠤ ᠢᠷᠡᠭ᠍ᠰᠡᠨ ᠡᠴᠡ ᠬᠤᠷᠢᠨ ᠵᠢᠯ ᠤᠨ ᠠᠮᠢᠳᠤᠷᠠᠯ ᠳᠤᠮᠳᠠᠭᠢ ᠬᠠᠮᠤᠭ ᠤᠨ ᠪᠠᠶᠠᠷᠳᠤ ᠣᠴᠢᠷ ᠪᠣᠯᠤᠨ᠎ᠠ᠃ ᠳᠡᠭᠡᠭᠡᠤᠨ ᠮᠤᠩᠭ᠋ᠤᠯ ᠭᠡᠯᠡ ᠪᠠᠨ ᠵᠠᠯᠭᠠᠨ ᠰᠤᠷᠴᠤ᠂ ᠡᠭᠡ ᠰᠤᠶᠤᠯ ᠤᠨ ᠶᠢᠡᠨ ᠰᠢᠮ᠎ᠠ ᠶᠢ ᠣᠯᠠᠮ ᠢᠳᠡᠯᠢᠭ᠌ ᠰᠢᠮᠠᠨᠡ ᠭᠡᠵᠤ ᠮᠤᠩᠭ᠋ᠤᠯ ᠭᠡᠯᠡᠨ ᠤ ᠰᠠᠯᠪᠣᠷᠢ ᠳᠤ ᠪᠠᠨ ᠰᠠᠭᠤᠭᠰᠠᠨ ᠮᠢᠨᠢ ᠨᠠᠩ ᠵᠢᠷᠭᠠᠯ ᠲᠡᠶ ᠰᠠᠨᠠᠭᠳᠠᠨ᠎ᠠ ᠭᠡᠭᠦ ᠳᠤ ᠮᠤᠩᠭ᠋ᠤᠯ ᠭᠡᠭ᠍ᠰᠡᠭᠡᠷ ᠠᠮᠠ ᠪᠠᠨ ᠢᠷᠪᠠᠢ᠌ᠵᠤ᠂ ᠳᠤᠬᠤ ᠰᠠᠵᠢᠳᠠᠭ ᠨᠢ ᠮᠤᠩᠭ᠋ᠤᠯ ᠣᠶᠤᠳᠠᠤᠨ ᠤᠨ ᠳᠤᠮᠳᠠ ᠵᠤᠩᠭᠢᠯᠠᠬᠤ ᠳᠤᠭ᠎ᠠ ᠶᠢ ᠡᠵᠡᠯᠡᠨ᠎ᠡ ᠭᠡᠳᠡᠭ᠌ ᠢ ᠰᠤᠷᠭᠠᠭᠤᠯᠢ ᠳᠠᠭᠠᠨ ᠢᠷᠡᠭ᠍ᠰᠡᠨ ᠡᠳᠦᠷ ᠡᠴᠡ ᠮᠡᠳᠡᠭ᠍ᠰᠡᠨ ᠠᠵᠢ᠃ ᠶᠠᠭᠤᠨ ᠳᠤ᠂ ᠶᠠᠭᠤᠨ ᠤ ᠣᠴᠢᠷ ᠡᠴᠡ ᠳᠤᠬᠤ ᠰᠠᠵᠢᠵᠤ᠂ ᠣᠷᠤᠭᠤᠯ ᠥᠷᠴᠢ᠌ᠭᠦ ᠶᠢ ᠶᠠᠭᠠᠭᠢᠨ ᠮᠠᠳᠠᠨ᠎ᠡ︖ ᠶᠠᠭᠤ ᠴᠤ ᠭᠡᠰᠡᠨ᠂ ᠰᠤᠷᠭᠠᠭᠤᠯᠢ ᠶᠢᠨ ᠭᠦᠷᠢᠶᠡᠨ ᠳᠤ ᠬᠤᠭᠤᠷᠤᠤ ᠬᠤᠭᠤᠷᠤᠠᠳᠤ ᠪᠠᠨ ᠭᠢᠳᠠᠤᠨ ᠶᠢᠡᠷ ᠱᠤᠤᠯᠠᠯᠳᠤᠬᠤ ᠨᠢ ᠦᠵᠦᠮᠤᠴᠢᠨ᠂ ᠪᠠᠭᠠᠷᠢᠨ᠂ ᠬᠤᠷᠴᠢᠨ᠂ ᠬᠠᠷᠠᠴᠢᠨ ᠨᠢ ᠦᠯᠦ ᠢᠯᠭᠠᠭᠳᠠᠨ᠎ᠠ᠃ ᠶᠠᠷᠤ ᠳᠡᠭᠡᠨ ᠨᠤᠳᠤᠭ ᠢᠯᠭᠠᠵᠤ᠂ ᠠᠪᠢᠶ᠎ᠠ ᠪᠠᠷ ᠪᠠᠷᠢᠮᠵᠢᠶᠠᠯᠠᠬᠤ᠂ ᠨᠢᠭᠡᠤᠨ ᠨᠢᠭᠡᠨ ᠶᠢᠡᠨ ᠦᠵᠡᠨ ᠶᠠᠳᠠᠳᠠᠭ (ᠡᠰᠡᠭᠦᠯ᠎ᠡ ᠳᠤᠭᠤᠭᠢᠯᠠᠵᠤ᠂ ᠱᠤᠭᠯᠠᠬᠤ) ᠮᠤᠩᠭ᠋ᠤᠯ ᠣᠶᠤᠳᠠᠤᠨ ᠬᠠᠷᠢᠨ ᠭᠢᠳᠠᠤᠨ ᠶᠢᠡᠷ ᠪᠣᠯ ᠨᠤᠳᠤᠭ ᠤᠨ ᠢᠯᠭᠠᠯ ᠠᠪᠢᠶᠠᠨ ᠤ ᠪᠠᠷᠢᠮᠵᠢᠶ᠎ᠠ ᠦᠭᠡᠶ ᠪᠣᠯᠴᠢᠬᠠᠵᠤ᠂ ᠰᠠᠤᠠᠭᠢᠯ ᠳᠠᠭᠠᠷᠠᠵᠤ ᠶᠠᠷᠢᠯᠴᠠᠬᠤ ᠨᠢ ᠶᠠᠭᠤᠳᠠᠢ ᠬᠠᠷᠠᠰᠤᠮᠠᠷ ᠶᠤᠮ ᠪᠣᠢ᠃ ᠮᠤᠩᠭ᠋ᠤᠯ ᠨᠤᠮ ᠨᠢ ᠰᠠᠩ ᠳᠠᠭᠠᠨ ᠣᠩᠰᠢᠭᠴᠢᠳ ᠶᠢᠡᠨ ᠭᠦᠯᠢᠶᠡᠵᠤ ᠭᠤᠨᠢᠭ ᠲᠡᠶ ᠭᠡᠪᠳᠡᠨ᠎ᠡ᠃ ᠣᠯᠠᠨ ᠳᠤᠭᠠᠨ ᠤ ᠮᠤᠩᠭ᠋ᠤᠯ ᠣᠶᠤᠳᠠᠨ ᠲᠡᠶ ᠰᠤᠷᠭᠠᠭᠤᠯᠢ ᠶᠢᠨ ᠭᠦᠷᠢᠶ᠎ᠡ ᠨᠢ ᠮᠤᠩᠭ᠋ᠤᠯ ᠦᠨᠦᠷ ᠠᠮᠳᠠ ᠪᠠᠨ ᠠᠯᠳᠠᠵᠤ᠂ ᠮᠤᠩᠭ᠋ᠤᠯ ᠰᠤᠶᠤᠯ ᠤᠨ ᠬᠤᠪᠢ ᠳᠤ ᠶᠠᠭᠤ ᠪᠦᠭᠦᠨ ᠨᠢ ᠡᠯᠡᠢ ᠬᠤᠯᠤᠢ᠂ ᠭᠤᠨᠢᠭ ᠭᠤᠳᠤᠷᠠᠩᠭ᠋ᠤᠢ ᠰᠠᠨᠠᠭᠳᠠᠭᠤᠯᠬᠤ ᠨᠢ ᠰᠠᠶᠢ ᠶᠢᠨ ᠠᠰᠠᠭᠤᠯᠳᠠ ᠶᠢ ᠬᠠᠷᠢᠭᠤᠯᠠᠬᠤ ᠰᠢᠭ᠃ ᠮᠤᠩᠭ᠋ᠤᠯ ᠭᠡᠯᠡ ᠪᠠᠨ ᠵᠠᠯᠭᠠᠨ ᠰᠤᠷᠬᠤ ᠡᠴᠡ ᠥᠭᠦᠨ ᠬᠠᠰᠢᠷᠠᠵᠤ᠂ ᠭᠢᠳᠠᠤᠨ ᠮᠤᠩᠭ᠋ᠤᠯ ᠮᠠᠠᠵᠤ ᠭᠡᠤᠨ ᠶᠠᠩᠵᠤ ᠶᠢᠨ ᠭᠦᠮᠤᠨ ᠤ ᠴᠢᠭᠢᠯᠳᠦᠭ᠍ᠰᠡᠨ ᠳᠠᠷᠠ ᠣᠯᠠᠨ ᠰᠠᠯᠪᠣᠷᠢ᠂ ᠮᠡᠷᠭᠡᠵᠢᠯ ᠤᠳ ᠶᠢᠡᠷ ᠰᠢᠷᠭᠤᠯᠳᠤᠵᠤ ᠶᠠᠪᠣᠳᠠᠭ ᠮᠤᠩᠭ᠋ᠤᠯ ᠣᠶᠤᠳᠠᠤᠨ᠂ ᠰᠠᠢ᠌ᠨ ᠰᠠᠯᠪᠣᠷᠢ᠂ ᠮᠡᠷᠭᠡᠵᠢᠯ ᠶᠢᠡᠷ ᠰᠤᠷᠤᠯᠴᠠᠵᠤ ᠬᠤᠵᠢᠮ ᠥᠭᠡᠳᠡ ᠲᠡᠶ ᠶᠠᠪᠣᠬᠤ ᠶᠢᠨ ᠰᠠᠨᠠᠭ᠎ᠠ᠂ ᠦᠨᠡᠨ ᠤ ᠬᠤᠪᠢ ᠳᠤ ᠰᠠᠢ᠌ᠨ ᠣᠴᠢᠷ᠃ ᠭᠡᠭᠦ ᠳᠤ ᠮᠠᠨ ᠤ ᠮᠤᠩᠭ᠋ᠤᠯ ᠣᠶᠤᠳᠠᠤᠨ ᠳᠠᠷᠠ ᠣᠯᠠᠨ ᠰᠠᠯᠪᠣᠷᠢ᠂ ᠮᠡᠷᠭᠡᠵᠢᠯ ᠤᠨ ᠠᠩᠭᠢ ᠳᠤ ᠣᠷᠤᠴᠢᠬᠠᠭᠰᠠᠭᠠᠷ ᠬᠤᠵᠢᠮ ᠤᠨ ᠠᠵᠢᠯ ᠤᠨ ᠪᠠᠢ᠌ᠭᠤᠯᠭ᠎ᠠ ᠶᠢ ᠨᠢ ᠭᠦᠷᠳᠡᠯ᠎ᠡ ᠳᠤᠭᠳᠠᠭᠠᠭᠠᠤᠨ ᠥᠭ᠍ᠴᠢᠭᠡᠭ᠍ᠰᠡᠨ ᠰᠢᠭ᠌ ᠭᠦᠭ᠍ᠰᠡᠵᠤ ᠪᠠᠶᠠᠷᠯᠠᠳᠠᠭ ᠪᠦᠭᠡᠤᠨ ᠪᠣᠳᠤᠯᠭ᠎ᠠ ᠪᠠᠷ ᠶᠢᠡᠨ ᠪᠣᠷᠬᠠᠨ ᠪᠣᠯᠴᠢᠬᠠᠳᠠᠭ ᠨᠢ ᠶᠠᠭᠤᠳᠠᠢ ᠬᠠᠷᠠᠮᠰᠠᠯᠳᠠᠢ ᠠᠵᠢ᠃ ᠭᠡᠴᠢᠶᠡᠯᠯᠡᠭᠡ ᠡᠴᠡ ᠪᠣᠰᠤᠳ ᠰᠤᠯᠠ ᠴᠠᠭ ᠪᠣᠶᠤ᠂ ᠣᠷᠤᠢ ᠦᠳᠡᠰᠢ ᠶᠢᠨ ᠴᠢᠯᠦᠭᠡᠨ ᠳᠤ ᠨᠢᠷᠤᠭᠤ ᠪᠠᠨ ᠳᠠᠭᠠᠭ᠎ᠠ ᠶᠠᠳᠠᠳᠠᠯ᠎ᠠ ᠪᠦᠳᠦᠭᠦᠨ ᠪᠣᠭᠴᠤ ᠡᠭᠦᠷᠦᠭᠡᠤᠨ ᠨᠤᠮ ᠤᠨ ᠰᠠᠩ ᠵᠥᠭ᠌ ᠭᠦᠶᠦᠯᠳᠦᠳᠡᠭ᠌ ᠦᠭᠡᠶ᠂ ᠬᠠᠷᠢᠨ ᠭᠦᠷᠢᠶᠡᠨ ᠡᠭᠦᠳᠡ ᠪᠠᠷ ᠭᠠᠳᠠᠭᠰᠢ ᠪᠠᠭᠳᠠᠵᠤ ᠶᠠᠳᠠᠳᠠᠯ᠎ᠠ ᠴᠤᠪᠣᠷᠤᠯᠳᠠᠬᠤ ᠨᠢ ᠮᠤᠩᠭ᠋ᠤᠯ ᠣᠶᠤᠳᠠᠤᠨ ᠪᠠᠢ᠌ᠯ᠎ᠠ᠃ ᠳᠠᠳᠠᠨ ᠳᠤ ᠳᠠᠪᠳᠠᠵᠤ ᠰᠤᠷᠤᠯᠴᠠᠬᠤ ᠴᠠᠭ ᠵᠠᠪ ᠭᠡᠵᠤ ᠠᠯᠠᠭ᠎ᠠ᠃ 《ᠨᠤᠳᠤᠭ ᠤᠨ ᠴᠢᠭᠤᠯᠠᠭᠠᠨ》᠂ 《ᠳᠦᠷᠦᠭ᠍ᠰᠡᠨ ᠡᠳᠦᠷ ᠤᠨ ᠪᠠᠶᠠᠷ》᠂ 《ᠬᠠᠮᠳᠤ ᠨᠥᠭᠦᠤᠨ ᠤᠨ ᠴᠢᠭᠤᠯᠠᠭᠠᠨ》 ᠭᠡᠵᠤ ᠡᠳᠦᠷ ᠲᠡᠭᠡᠨ ᠨᠠᠢ᠌ᠷ ᠳᠠᠰᠤᠷᠠᠬᠤ ᠦᠭᠡᠶ ᠶᠠᠪᠣᠳᠠᠭ ᠣᠶᠤᠳᠠᠤᠨ ᠮᠠᠨᠢ ᠡᠢ᠌ᠡᠭᠦ ᠥᠴᠦᠭᠡᠨ ᠣᠴᠢᠷ ᠶᠢᠡᠷ ᠨᠢᠭᠡ ᠶᠢ ᠪᠠᠨ ᠮᠦᠯᠵᠢᠵᠤ᠂ ᠵᠢᠭᠠᠬᠠᠨ ᠴᠤ ᠭᠡᠰᠡᠨ ᠬᠤᠠᠵᠢᠪᠣᠷᠢ ᠣᠯᠬᠤ ᠶᠢᠨ ᠳᠦᠯᠦᠭᠡ ᠳᠠᠷᠢᠭᠢ ᠪᠠᠨ ᠪᠠᠷᠠᠵᠤ ᠰᠠᠤᠠᠭᠢᠯ ᠶᠢᠡᠨ ᠰᠢᠨᠠᠯᠭᠠᠳᠠᠭ᠃ ᠬᠤᠭᠤᠯᠠᠨ ᠭᠡᠷ ᠶᠢᠡᠷ ᠰᠦᠨᠢᠵᠢᠨ ᠨᠠᠷᠭᠢᠯᠳᠤᠵᠤ᠂ ᠮᠠᠯ ᠪᠣᠯᠳᠠᠯ᠎ᠠ ᠪᠠᠨ ᠰᠤᠭᠳᠤᠵᠤ᠂ ᠭᠦᠮᠤᠨ ᠢ ᠰᠤᠴᠢᠳᠠᠯ᠎ᠠ ᠪᠠᠨ ᠭᠦᠯ ᠬᠤᠷᠢᠶᠠᠭᠰᠠᠨ ᠵᠡᠭᠡᠯᠢ ᠪᠠᠷ ᠬᠠᠷᠢᠶᠠᠵᠤ᠂ ᠪᠠᠷᠭᠢᠷᠠᠵᠤ ᠶᠠᠪᠣᠳᠠᠭ ᠴᠤ ᠪᠣᠢ᠃ ᠳᠠᠩᠳᠠ ᠨᠢᠭᠡᠨ ᠤ ᠪᠠᠨ ᠮᠠᠭᠤ ᠶᠢ ᠦᠵᠡᠵᠤ ᠴᠢᠳᠠᠳᠠᠭ ᠦᠭᠡᠶ ᠣᠶᠤᠳᠠᠤᠨ᠂ ᠮᠠᠭᠤ ᠶᠢ ᠨᠢ ᠪᠠᠷᠢᠭᠠᠤᠨ ᠠᠪᠣᠪᠠᠯ ᠮᠤᠬᠤᠳᠠᠯ᠎ᠠ ᠪᠠᠨ ᠱᠤᠭᠯᠠᠳᠠᠭ ᠳᠠᠳᠠ᠄ 《ᠳᠦᠩᠯᠢᠶᠤᠤ ᠭᠢᠩᠭ᠋ᠠᠨ ᠤ ᠶᠧ ᠶᠧ ᠨᠡᠷ》 ᠪᠣᠶᠤ 《ᠰᠠᠢ᠌ᠨ ᠭᠡᠦᠭᠡᠨ ᠣᠯᠠᠭᠠᠠᠬᠠᠳᠠ ᠶᠢᠨ ᠵᠠᠯᠠᠭᠤ ᠳᠤ ᠮᠤᠷᠳᠠᠬᠤ ᠦᠭᠡᠶ᠂ ᠰᠠᠢ᠌ᠨ ᠵᠠᠯᠠᠭᠤ ᠪᠣᠭᠤᠳᠤ ᠶᠢᠨ ᠭᠡᠦᠭᠡᠨ ᠢ ᠪᠣᠭᠳᠤᠯᠠᠬᠤ ᠦᠭᠡᠶ》 ᠭᠡᠵᠤ ᠶᠠᠷᠢᠬᠤ ᠳᠤ ᠮᠤᠩᠭ᠋ᠤᠯ ᠣᠶᠤᠳᠠᠤᠨ ᠮᠡᠳᠡᠭᠦ ᠦᠭᠡᠶ ᠭᠦᠮᠤᠨ ᠭᠡᠵᠤ ᠬᠤᠪᠣᠷ᠃ ᠳᠦᠩᠯᠢᠶᠤᠤ ᠭᠢᠩᠭ᠋ᠠᠨ ᠤ ᠮᠤᠩᠭ᠋ᠤᠯ ᠮᠠᠭᠤ ᠭᠡᠵᠤ ᠳᠠᠨᠤᠰ ᠭᠡᠯᠡᠭ᠍ᠰᠡᠨ ᠡᠴᠡ ᠪᠢᠰᠢ᠂ ᠳᠠᠳᠠ ᠦᠨᠡᠨ ᠮᠠᠭᠤ ᠭᠡᠵᠤ ᠳᠡᠭᠡᠳᠦᠰ ᠡᠴᠡ ᠳᠤᠭᠳᠠᠭᠰᠠᠨ ᠦᠭᠡᠶ᠂ ᠡᠷᠳᠡᠮᠳᠡᠨ ᠮᠡᠷᠭᠡᠤᠨ ᠨᠤᠳᠠᠯᠠᠭᠰᠠᠨ ᠶᠢᠡᠷ ᠦᠭᠡᠶ᠃ ᠨᠠᠩ ᠴᠤ ᠣᠯᠠᠭᠠᠠᠬᠠᠳᠠ ᠶᠢᠨ ᠵᠠᠯᠠᠭᠤᠴᠤᠳ ᠭᠡᠦᠭᠡᠨ ᠶᠢᠡᠷ ᠳᠤᠳᠠᠵᠤ᠂ ᠪᠣᠭᠤᠳᠤ ᠶᠢᠨ ᠭᠡᠦᠭᠡᠡᠴᠦᠳ ᠭᠦᠷᠭᠡᠨ ᠶᠢᠡᠷ ᠳᠤᠳᠠᠯ᠎ᠠ ᠭᠡᠵᠤ ᠭᠡᠨ ᠤ ᠭᠢᠨ ᠡᠭᠦᠳᠡᠨ ᠳᠤ ᠵᠠᠷ ᠳᠠᠯᠪᠢᠪᠠ︖ ᠨᠢᠭᠡᠨ ᠨᠢᠭᠡ ᠶᠢ ᠪᠠᠨ ᠮᠠᠭᠤ ᠳᠤ ᠦᠵᠡᠵᠤ᠂ ᠳᠤᠷᠤᠮᠵᠢᠯᠠᠵᠤ ᠶᠠᠪᠣᠳᠠᠭ ᠵᠠᠩ ᠶᠢᠡᠨ ᠬᠠᠯᠠᠬᠤ ᠪᠣᠯᠪᠠᠤ ᠭᠡᠵᠤ ᠰᠠᠨᠠᠭᠤᠯᠪᠠᠯ ᠪᠣᠯᠬᠤ ᠪᠣᠯᠪᠠᠤ︕ ᠳᠠᠷᠠ ᠣᠯᠠᠨ 《ᠦᠨᠳᠦᠷ ᠬᠠᠷᠠᠯᠳᠠ ᠲᠡᠶ》 ᠮᠤᠩᠭ᠋ᠤᠯ ᠣᠶᠤᠳᠠᠤᠨ ᠤᠨ ᠳᠤᠮᠳᠠ ᠡᠴᠡ ᠢᠯᠭᠠᠷᠠᠵᠤ ᠨᠠᠳᠠ ᠰᠢᠭ ᠮᠤᠩᠭ᠋ᠤᠯ ᠭᠡᠯᠡ ᠪᠠᠨ ᠰᠤᠷᠴᠤ ᠰᠤᠳᠤᠯᠬᠤ ᠭᠡᠵᠤ ᠮᠤᠩᠭ᠋ᠤᠯ ᠰᠠᠯᠪᠣᠷᠢ ᠳᠠᠭᠠᠨ ᠢᠷᠡᠭ᠍ᠰᠡᠨ 《ᠳᠡᠨᠡᠭ᠍ᠴᠦᠦᠯ》 ᠶᠢᠡᠨ ᠪᠢ ᠳᠤᠩ ᠭᠦᠭᠡᠷᠦᠭᠦᠢᠯᠡᠳᠡᠭ᠌᠃ ᠮᠤᠩᠭ᠋ᠤᠯ ᠶᠢᠡᠨ ᠰᠤᠷᠤᠭᠠᠤᠨ ᠪᠠᠢ᠌ᠬᠤ ᠶᠤᠮ ᠪᠣᠯ ᠶᠡᠭᠡ ᠰᠤᠷᠭᠠᠭᠤᠯᠢ ᠳᠤ ᠣᠷᠤᠭᠠᠤᠨ ᠶᠠᠭᠤ ᠭᠢᠨ᠎ᠡ ᠭᠡᠵᠤ ᠭᠦᠮᠦᠰ ᠤᠨ ᠪᠦᠭᠡᠮ ᠶᠠᠷᠢᠶᠠᠨ ᠳᠤ 《ᠨᠤᠬᠠᠢ ᠬᠤᠴᠠᠬᠤ ᠪᠠᠷ ᠬᠤᠴᠠ᠂ ᠳᠡᠮᠡᠭᠡ ᠶᠠᠪᠣᠬᠤ ᠪᠠᠷ ᠶᠠᠪᠣᠶ᠎ᠠ》 ᠭᠡᠭᠦ ᠪᠣᠶᠤ 《ᠮᠢᠨᠤ ᠵᠠᠶᠠᠭ᠎ᠠ ᠡᠢ᠌ᠮᠤ ᠯᠠ》 ᠭᠡᠵᠤ ᠪᠣᠳᠤᠵᠤ ᠪᠠᠢ᠌ᠭ᠎ᠠ ᠴᠤ ᠶᠤᠮ ᠦᠦ᠂ ᠪᠣᠤ ᠮᠠᠳᠠ᠃ ᠥᠭᠡ ᠳᠠᠭᠤᠨ ᠦᠭᠡᠶ ᠶᠠᠪᠣᠳᠠᠭ ᠨᠢ ᠮᠠᠨ ᠤ ᠮᠤᠩᠭ᠋ᠤᠯ ᠰᠠᠯᠪᠣᠷᠢ ᠶᠢᠨ ᠳᠤᠭ᠎ᠠ ᠲᠡᠶ ᠭᠡᠳᠤᠨ ᠣᠶᠤᠳᠠᠤᠨ ᠪᠢᠯᠠ᠃ ᠳᠡᠭᠡᠳᠤ ᠣᠷᠤᠭᠤᠯ ᠢ ᠨᠢ ᠳᠠᠳᠠᠭᠠᠤᠨ ᠳᠤᠤᠭᠠᠷᠠᠬᠤ ᠦᠭᠡᠶ᠂ ᠳᠤᠤᠷᠠᠳᠤ ᠡᠷᠡᠤ ᠶᠢ ᠨᠢ ᠴᠢᠩᠭ᠋ᠠᠭᠠᠤᠨ ᠶᠠᠷᠢᠬᠤ ᠦᠭᠡᠶ᠂ ᠭᠦᠮᠤᠨ ᠤ ᠭᠡᠯᠡᠭ᠍ᠰᠡᠨ ᠢ ᠨᠢ ᠣᠢ᠌ᠯᠠᠭᠠᠬᠤ ᠦᠭᠡᠶ᠂ ᠦᠪᠡᠷ ᠤᠨ ᠭᠡᠰᠡᠨ ᠪᠣᠳᠤᠯ ᠦᠭᠡᠶ ᠳ᠋ᠤᠨᠢ ᠬᠠᠶᠠ ᠳᠠᠭᠠᠨ ᠳᠤᠷ᠎ᠠ ᠪᠣᠯᠭᠢᠵᠤ᠂ ᠰᠢᠷ᠎ᠠ ᠭᠦᠷᠳᠡᠭ᠌᠃ ᠬᠤᠶᠠᠷ ᠵᠢᠯ ᠤᠨ ᠡᠮᠤᠨ᠎ᠡ ᠪᠠᠭᠰᠢ ᠶᠢᠨ ᠶᠡᠭᠡ ᠰᠤᠷᠭᠠᠭᠤᠯᠢ ᠶᠢᠨ ᠭᠦᠷᠢᠶᠡᠨ ᠳᠤ ᠰᠤᠷᠤᠭᠴᠢᠳ ᠤᠨ ᠳᠤᠮᠳᠠ ᠪᠠᠢ᠌ᠭᠤᠯᠤᠭᠳᠠᠭᠰᠠᠨ ᠬᠤᠷᠢᠨ ᠨᠢ᠋ᠮᠠᠨ ᠠᠳᠠᠯᠢ ᠪᠣᠰᠤ ᠶᠢᠨ ᠣᠤᠠᠬ᠎ᠠ ᠴᠢᠨᠠᠷ ᠪᠦᠭᠦᠢ ᠨᠡᠢ᠌ᠭᠡᠮᠯᠢᠭ᠌ ᠲᠡᠶ ᠪᠠᠢ᠌ᠭᠰᠠᠨ᠃ ᠡᠨᠡ ᠦᠶ᠎ᠡ ᠳᠤ ᠬᠠᠯᠠᠭᠤᠨ ᠰᠠᠤᠠᠭᠢᠯ ᠲᠡᠶ ᠮᠤᠩᠭ᠋ᠤᠯ ᠣᠶᠤᠳᠠᠤᠨ ᠵᠤᠪᠠᠨ ᠵᠦᠳᠠᠨ ᠪᠠᠢ᠌ᠵᠤ ᠠᠷᠠᠢ ᠭᠡᠵᠤ ᠨᠢᠭᠡ ᠨᠡᠢ᠌ᠭᠡᠮᠯᠢᠭ᠌ ᠪᠠᠢ᠌ᠭᠤᠯᠤᠭᠰᠠᠨ ᠨᠢ ᠣᠯᠠᠨ ᠨᠡᠢ᠌ᠭᠡᠮᠯᠢᠭ᠌ ᠤᠨ ᠳᠤᠮᠳᠠ ᠦᠨᠦᠴᠢᠨ ᠭᠡᠦᠭᠡᠤᠨ ᠭᠡᠮᠡᠷ ᠴᠤᠷᠢ ᠶᠢᠨ ᠭᠠᠭᠴᠠ ᠮᠤᠩᠭ᠋ᠤᠯ ᠨᠡᠢ᠌ᠭᠡᠮᠯᠢᠭ᠌ ᠪᠠᠢ᠌ᠯ᠎ᠠ᠃ ᠨᠡᠢ᠌ᠭᠡᠮᠯᠢᠭ᠌ ᠮᠠᠨᠢ ᠣᠳᠤ ᠭᠦᠭ᠍ᠵᠢᠭᠡᠤᠨ ᠣᠪᠣᠭ᠎ᠠ ᠭᠦᠭ᠍ᠵᠢᠶᠡᠨ ᠲᠡᠶ ᠪᠣᠯᠵᠠᠢ᠃ ᠡᠭᠦᠨ ᠳᠤ ᠶᠠᠷᠢᠶᠠᠨ ᠦᠭᠡᠶ ᠮᠠᠨ ᠤ ᠮᠤᠩᠭ᠋ᠤᠯ ᠭᠡᠯᠡ ᠣᠤᠠᠬ᠎ᠠ ᠵᠤᠬᠢᠶᠠᠯ ᠤᠨ ᠰᠠᠯᠪᠣᠷᠢ ᠶᠢᠨ ᠣᠶᠤᠳᠠᠤᠨ ᠳᠤᠰ ᠨᠡᠢ᠌ᠭᠡᠮᠯᠢᠭ᠌ ᠤᠨ ᠣᠤᠠᠬ᠎ᠠ ᠵᠤᠬᠢᠶᠠᠯ ᠤᠨ ᠭᠡᠯᠳᠡᠰ ᠲᠤ ᠵᠤᠩᠭᠢᠯᠠᠬᠤ ᠳᠤᠭ᠎ᠠ ᠶᠢ ᠡᠵᠡᠯᠡᠨ᠎ᠡ᠃ ᠳᠡᠭᠡᠭᠡᠤᠨ ᠣᠳᠠᠭ᠎ᠠ ᠪᠦᠷᠢ ᠶᠢᠨ ᠬᠤᠷᠠᠯ ᠳᠡᠭᠡᠷ᠎ᠡ ᠣᠶᠤᠳᠠᠤᠨ ᠢ ᠪᠠᠢ᠌ᠩᠭ᠋ᠤ ᠵᠤᠬᠢᠶᠠᠯ ᠪᠢᠴᠢᠭᠦ ᠶᠢ ᠱᠠᠭᠠᠷᠳᠠᠳᠠᠭ᠃ ᠭᠡᠳᠡᠯ᠎ᠡ ᠪᠢᠴᠢᠭᠦ ᠭᠦᠮᠤᠨ ᠨᠢ ᠬᠤᠪᠣᠷ ᠪᠦᠭᠡᠤᠨ ᠰᠢᠯᠳᠠᠭᠠᠨ ᠢ ᠨᠢ ᠠᠰᠠᠭᠤᠪᠠᠯ ᠴᠠᠭ ᠪᠠᠢ᠌ᠬᠤ ᠦᠭᠡᠶ ᠭᠡᠨ᠎ᠡ᠃ ᠪᠣᠳᠤᠵᠤ ᠦᠵᠡ ᠯᠠ ᠳ᠋ᠠ᠂ ᠳᠠᠳᠠ ᠪᠣᠯ ᠮᠤᠩᠭ᠋ᠤᠯ ᠣᠤᠠᠬ᠎ᠠ ᠵᠤᠬᠢᠶᠠᠯ ᠤᠨ ᠮᠡᠷᠭᠡᠵᠢᠯ ᠰᠤᠷᠴᠤ ᠪᠠᠢ᠌ᠨ᠎ᠠ᠂ ᠰᠢᠭᠤᠳ ᠦᠴᠢᠪᠠᠯ ᠣᠤᠠᠬ᠎ᠠ ᠵᠤᠬᠢᠶᠠᠯ ᠤᠨ ᠣᠨᠤᠯ ᠰᠤᠷᠴᠤ ᠵᠤᠬᠢᠶᠠᠯ ᠪᠢᠴᠢᠨ᠎ᠡ ᠭᠡᠳᠡᠭ᠌ ᠥᠭᠡ᠃ ᠳᠡᠭᠡᠭᠡᠤᠨ ᠵᠤᠬᠢᠶᠠᠯ ᠪᠢᠴᠢᠭᠦ ᠴᠠᠭ ᠪᠠᠢ᠌ᠬᠤ ᠦᠭᠡᠶ ᠭᠡᠳᠡᠭ᠌ ᠴᠢᠨᠢ ᠳᠤᠰᠬᠠᠢ ᠮᠡᠷᠭᠡᠵᠢᠯ ᠶᠢᠡᠨ ᠰᠤᠷᠤᠯᠴᠠᠬᠤ ᠴᠠᠭ ᠪᠠᠢ᠌ᠬᠤ ᠦᠭᠡᠶ ᠭᠡᠰᠡᠨ ᠰᠠᠨᠠᠭ᠎ᠠ᠃ ᠴᠤᠬᠤᠮ ᠶᠠᠭᠤ ᠭᠢᠵᠤ ᠪᠠᠢ᠌ᠭ᠎ᠠ ᠪᠣᠯ︖ ᠵᠠᠩ ᠣᠢ᠌ᠯᠠ ᠶᠢᠨ ᠭᠢᠴᠢᠶᠡᠯ ᠪᠣᠯ ᠮᠤᠩᠭ᠋ᠤᠯ ᠰᠠᠯᠪᠣᠷᠢ ᠶᠢᠨ ᠣᠶᠤᠳᠠᠤᠨ ᠤᠨ ᠵᠠᠪᠠᠯ ᠰᠣᠷᠬᠤ ᠭᠢᠴᠢᠶᠡᠯ ᠭᠦᠮᠦᠵᠢᠯ᠃ ᠦᠨᠳᠦᠰᠦᠳᠠᠨ ᠤ ᠵᠠᠩ ᠣᠢ᠌ᠯᠠ ᠪᠠᠨ ᠮᠡᠳᠡᠭᠦ ᠦᠭᠡᠶ ᠪᠣᠯ ᠣᠶᠤᠳᠠᠨ ᠪᠣᠯᠤᠭᠰᠠᠨ ᠴᠤ ᠭᠦᠮᠤᠨ ᠤ ᠳᠤᠭᠤᠭᠢ᠃ ᠴᠡᠭᠡᠵᠢᠯᠡᠵᠤ ᠪᠠᠢ᠌ᠬᠤ ᠪᠠᠷ ᠨᠢᠭᠡ ᠣᠳᠠᠭᠠᠨ ᠤ ᠵᠠᠩ ᠣᠢ᠌ᠯᠠ ᠶᠢᠨ ᠭᠢᠴᠢᠶᠡᠯ ᠳᠡᠭᠡᠷ᠎ᠡ ᠪᠠᠭᠰᠢ ᠡᠴᠡ ᠳᠡᠭᠡᠷ᠎ᠡ ᠴᠠᠭ ᠤᠳ ᠶᠢᠡᠷ ᠥᠯᠡᠳᠡᠭᠡᠭ᠍ᠰᠡᠨ ᠦᠪᠡᠷ ᠤᠨ ᠨᠤᠳᠤᠭ ᠤᠨ ᠵᠠᠩ ᠣᠢ᠌ᠯᠠ ᠶᠢᠨ ᠳᠤᠬᠠᠢ ᠶᠠᠷᠢᠭᠤᠯᠬᠤ ᠳᠠᠭᠠᠭᠠᠯᠭᠠᠪᠣᠷᠢ ᠶᠢ ᠳᠠᠷᠠ ᠴᠠᠭ ᠳᠡᠭᠡᠷ᠎ᠡ ᠠᠰᠠᠭᠤᠭᠰᠠᠨ ᠪᠠᠢ᠌ᠨ᠎ᠠ᠃ ᠰᠠᠨᠠᠭᠠᠨ ᠡᠴᠡ ᠭᠠᠳᠠᠭᠤᠷ ᠶᠠᠷᠢᠭᠰᠠᠨ ᠭᠦᠮᠤᠨ ᠪᠠᠢ᠌ᠬᠤ ᠦᠭᠡᠶ ᠪᠦᠭᠡᠤᠨ ᠣᠴᠢᠷ ᠢ ᠨᠢ ᠠᠰᠠᠭᠤᠬᠤ ᠪᠠᠷ ᠨᠢ ᠭᠢᠴᠢᠶᠡᠯ ᠶᠠᠭᠠᠷᠠᠤ ᠡᠴᠡ ᠪᠣᠯᠵᠤ ᠪᠡᠯᠡᠳᠭᠡᠵᠤ ᠠᠮᠵᠢᠭᠰᠠᠨ ᠦᠭᠡᠶ ᠭᠡᠨ᠎ᠡ᠃ ᠰᠠᠢ᠌ᠬᠠᠨ ᠪᠣᠳᠤᠵᠤ ᠦᠵᠡᠪᠠᠯ ᠡᠨᠡ ᠪᠣᠯ ᠶᠠᠮᠠᠷ ᠨᠢᠭᠡᠨ ᠣᠷᠠᠨ ᠶᠠᠷᠢᠶ᠎ᠠ ᠭᠢᠭᠦ ᠰᠢᠭ᠌ ᠨᠤᠤᠷᠠᠭ ᠪᠡᠯᠡᠳᠭᠡᠮᠡᠷ ᠶᠠᠪᠣᠳᠠᠯ ᠪᠢᠰᠢ᠃ ᠴᠢ ᠨᠢᠭᠡ ᠭᠦᠮᠤᠨ ᠪᠣᠯᠵᠤ ᠨᠢᠭᠡ ᠦᠨᠳᠦᠰᠦᠳᠠᠨ ᠤ ᠭᠡᠰᠢᠭᠦᠨ ᠪᠣᠯᠵᠤ ᠠᠮᠢᠳᠤᠷᠠᠭᠰᠠᠭᠠᠷ᠂ ᠬᠠᠮᠢᠭ᠎ᠠ ᠭᠠᠵᠠᠷ ᠥᠡᠴᠦᠭ᠌ ᠪᠣᠯᠤᠩ ᠦᠭᠡᠶ ᠴᠢᠮ᠎ᠠ ᠶᠢ ᠳᠠᠭᠠᠵᠤ ᠴᠢᠨᠤ ᠦᠨᠳᠦᠰᠦᠳᠠᠨ ᠤ ᠣᠠᠴᠠᠯᠢᠭ ᠲᠡᠶ ᠵᠠᠩ ᠣᠢ᠌ᠯᠠ ᠣᠷᠤᠰᠢᠵᠤ ᠪᠠᠢ᠌ᠨ᠎ᠠ ᠭᠡᠳᠡᠭ᠌ ᠢ ᠮᠡᠳᠡᠭᠦ ᠭᠡᠷᠡᠭ᠍ᠳᠡᠢ᠃ 《ᠣᠷᠤᠰᠬᠠᠯ ᠣᠰᠤᠨ ᠳᠤ ᠬᠤᠪᠴᠠᠰᠤ ᠣᠭᠢᠶᠠᠵᠤ ᠪᠣᠯᠬᠤ ᠦᠭᠡᠶ᠂ ᠦᠨᠡᠰᠤ ᠬᠤᠭ ᠳᠤᠷ᠎ᠠ ᠪᠠᠷ ᠭᠡᠭᠡᠭᠦ ᠦᠭᠡᠶ᠂ ᠠᠮᠠᠨ ᠳᠤᠷ᠎ᠠ ᠪᠠᠷ ᠨᠢᠯᠪᠣᠬᠤ ᠦᠭᠡᠶ᠂ ᠳᠤᠷ᠎ᠠ ᠪᠠᠷ ᠭᠠᠵᠠᠷ ᠰᠡᠡᠳᠦᠯᠡᠭᠦ ᠦᠭᠡᠶ》 ᠭᠡᠳᠡᠭ᠌ ᠵᠠᠩ ᠣᠢ᠌ᠯᠠ ᠮᠤᠩᠭ᠋ᠤᠯ ᠭᠦᠮᠤᠨ ᠤ ᠭᠦᠷᠰᠢ ᠦᠨᠳᠦᠰᠦᠳᠠᠨ ᠡᠴᠡ ᠴᠢᠨᠢ ᠢᠯᠭᠠᠭᠳᠠᠬᠤ ᠣᠢ᠌ᠯᠠ ᠪᠠᠢ᠌ᠭ᠎ᠠ᠃ ᠨᠤᠳᠤᠭ ᠣᠰᠤ ᠪᠠᠷ ᠶᠢᠡᠨ ᠵᠢᠩᠭᠢᠨᠢ ᠬᠠᠭᠤᠷᠮᠠᠭ ᠮᠤᠩᠭ᠋ᠤᠯ ᠭᠡᠵᠤ ᠢᠯᠭᠠᠬᠤ ᠳᠤᠷᠠᠳᠠᠢ ᠳᠠᠨᠤᠰ ᠤᠨ ᠠᠯᠢ ᠨᠤᠳᠤᠭ ᠲᠤ ᠴᠤ ᠪᠠᠢ᠌ᠬᠤ ᠬᠠᠮᠳᠤ ᠶᠢᠨ ᠵᠠᠩ ᠣᠢ᠌ᠯᠠ᠃ 《ᠢᠳᠠᠵᠤ ᠣᠤᠭᠤᠬᠤ ᠳᠠᠭᠠᠨ ᠦᠨᠳᠦᠷ ᠳᠠᠭᠤᠨ ᠶᠢᠡᠷ ᠥᠭᠡ ᠶᠠᠷᠢᠬᠤ ᠦᠭᠡᠶ᠂ ᠰᠠᠨᠠᠭ᠎ᠠ ᠰᠡᠭᠦᠷᠡᠰᠤ ᠠᠯᠳᠠᠬᠤ ᠦᠭᠡᠶ》᠂ ᠡᠭᠦᠨ ᠢ ᠪᠣᠯ ᠣᠶᠤᠳᠠᠤᠨ ᠪᠡᠯᠡᠳᠭᠡᠭᠦ ᠦᠭᠡᠶ ᠪᠠᠷ ᠪᠠᠭᠯᠠᠷᠠᠨ ᠰᠢᠬᠠᠯᠳᠤᠭᠰᠠᠨ ᠥᠢᠮᠡᠭᠡᠨ ᠶᠡᠭᠡᠳᠡᠢ ᠬᠤᠭᠤᠯᠠᠨ ᠳᠢᠩᠭᠢᠮ ᠳᠤ ᠣᠷᠤᠭᠠᠤᠨ ᠣᠴᠢᠭᠰᠠᠭᠠᠷ ᠯᠠ ᠮᠠᠳᠠᠵᠤ ᠪᠣᠯᠬᠤ ᠣᠢ᠌ᠯᠠ᠃ ᠣᠶᠤᠳᠠᠤᠨ ᠮᠢᠨᠢ︕ ᠣᠳᠤᠬᠠᠨ ᠤ ᠣᠶᠤᠳᠠᠤᠨ ᠤᠨ ᠶᠠᠮᠠᠷ ᠰᠠᠯᠪᠣᠷᠢ ᠳᠤ ᠶᠠᠮᠠᠷ ᠮᠡᠷᠭᠡᠵᠢᠯ ᠰᠤᠩᠭ᠋ᠤᠨ᠎ᠠ ᠭᠡᠳᠡᠭ᠌ ᠨᠢ ᠴᠢᠨᠤ ᠥᠭᠡᠳᠡᠯᠡᠵᠤ ᠳᠡᠭ᠍ᠵᠢᠷᠡᠭᠦ ᠶᠢᠨ ᠵᠠᠩᠭᠢᠯᠭ᠎ᠠ ᠪᠢᠰᠢ᠂ ᠬᠠᠷᠢᠨ ᠦᠪᠡᠷ ᠤᠨ ᠰᠠᠤᠠᠭᠢᠯ ᠶᠢᠡᠨ ᠡᠵᠡᠮᠳᠡᠵᠤ᠂ ᠭᠡᠯᠡ ᠰᠤᠶᠤᠯ ᠳᠤ ᠪᠠᠨ ᠥᠴᠦᠭᠡᠨ ᠬᠠᠢ᠌ᠷ᠎ᠠ ᠪᠠᠨ ᠥᠭ᠍ᠴᠤ᠂ ᠭᠡᠪ ᠪᠣᠯᠪᠠᠰᠤᠷᠠᠯ ᠶᠢᠡᠨ ᠵᠠᠰᠠᠵᠤ ᠶᠠᠪᠣᠬᠤ ᠨᠢ ᠶᠠᠭᠤᠨ ᠡᠴᠡ ᠡᠷᠭᠢᠮ ᠪᠠᠢ᠌ᠬ᠎ᠠ᠃ ᠭᠡᠷᠡᠭ᠌ ᠳᠡᠭᠡᠷ᠎ᠡ ᠪᠠᠨ ᠭᠡᠯᠡ ᠭᠡᠵᠤ ᠭᠡᠯᠡ ᠯᠠ ᠪᠢᠰᠢ ᠭᠡᠵᠢᠶᠡᠳᠡ ᠴᠢᠨᠤ ᠠᠮᠢ ᠶᠤᠮ ᠡ︕ ᠭᠡᠳᠡᠭ᠌ ᠢᠷᠠᠭᠤ ᠨᠠᠢ᠌ᠷᠠᠭᠴᠢ ᠶᠢᠨ ᠶᠢᠡᠨ ᠠᠯᠳᠠ ᠮᠠᠳᠤ ᠨᠠᠠᠳᠢᠨ ᠰᠤᠷᠭᠠᠯ ᠢ ᠡᠭᠦᠷᠢᠳᠡ ᠰᠠᠨᠠᠵᠤ ᠶᠠᠪᠣᠬᠤ ᠪᠣᠯᠪᠠᠤ︕
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠤᠩᠭ᠋ᠤᠯ ᠰᠤᠳᠤᠯᠤᠯ ᠤᠨ ᠳᠡᠭᠡᠳᠤ ᠰᠤᠷᠭᠠᠭᠤᠯᠢ
ᠵᠤᠬᠢᠶᠠᠭᠴᠢ᠄ ᠪᠤᠷᠵᠢᠭᠢᠨ·ᠴᠡᠩᠭᠡᠷ ᠡᠪᠡᠰᠦ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯ ᠰᠢᠭᠦᠮᠵᠢᠳᠠᠷᠤᠮ᠄ 12122
ᠴᠠᠭ᠄ 2011 ᠤᠨ ᠤ 03 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ