ᠨᠡᠪᠲᠡᠷᠡᠨ ᠤᠷᠤᠬᠤ
ᠠᠪᠣ ᠡᠵᠢ ᠳᠡᠭᠡᠨ ᠡᠷᠭᠦᠭᠦ ᠣᠶᠠᠩᠭ᠋᠎ᠠ

ᠭᠦᠮᠤᠨ ᠤ ᠬᠠᠳᠠᠭᠤ ᠬᠤᠷᠸ᠎ᠠ ᠳᠤ ᠦᠷᠠᠰ ᠪᠢᠳᠠᠨ ᠶᠢᠡᠨ ᠣᠷᠭᠢᠭᠠᠤᠨ ᠰᠠᠢ᠌ᠨ ᠤ ᠣᠷᠤᠨ ᠳᠤ ᠶᠠᠪᠣᠭᠰᠠᠨ ᠭᠦᠭᠡᠷᠦᠭᠦᠢ ᠠᠪᠣ ᠡᠵᠢ ᠪᠠᠨ ᠪᠠᠢ᠌ᠬᠤ ᠳᠤᠳᠤᠮ ᠪᠢ ᠥᠭᠡᠢ᠌ᠯᠡᠨ ᠰᠠᠨᠠᠵᠤ ᠳᠤᠷᠠᠰᠤᠨ ᠮᠦᠷᠦᠭᠡᠳᠦᠭᠦ ᠪᠣᠯᠤᠯ᠎ᠠ᠃ ᠠᠯᠠᠭ ᠵᠢᠷᠭᠤᠭᠠᠨ ᠦᠷ᠎ᠡ ᠪᠠᠨ ᠠᠮᠢᠳᠤᠷᠠᠯ ᠤᠨ ᠰᠠᠷᠠᠭᠤᠯ ᠵᠠᠮ ᠶᠢᠡᠷ ᠭᠦᠳᠦᠯᠤᠨ ᠬᠠᠯᠠᠭᠤᠨ ᠭᠦᠢᠳᠡᠨ ᠢ ᠳᠠᠭᠠᠭᠠᠵᠤ᠂ ᠬᠠᠯᠠ ᠵᠤᠪᠠᠯᠠᠩ ᠢ ᠥᠵᠡᠭᠡᠳ᠂ 《ᠳᠠᠪᠠᠭ ᠤᠨ ᠶᠢᠡᠨ ᠭᠦᠯᠦᠰᠤ ᠶᠢ ᠮᠠᠩᠨᠠᠢ ᠳᠠᠭᠠᠨ᠂ ᠮᠠᠩᠨᠠᠢ ᠶᠢᠨ ᠶᠢᠡᠨ ᠭᠦᠯᠦᠰᠤ ᠶᠢ ᠳᠠᠪᠠᠭ ᠲᠠᠭᠠᠨ ᠠᠷᠴᠢᠭᠠᠤᠨ》 ᠬᠤᠩᠭ᠋ᠤᠷ ᠦᠷᠠᠰ ᠶᠢᠡᠨ ᠭᠦᠮᠤᠨ ᠤ ᠵᠡᠷᠭᠡ ᠳᠤ ᠭᠦᠷᠭᠡᠭᠡᠳ᠂ ᠭᠦᠯᠦᠭ᠌ ᠤᠨ ᠨᠢᠷᠤᠭᠤᠨ ᠳᠤ ᠮᠤᠷᠳᠠᠭᠤᠯᠵᠤ᠂ ᠨᠠᠷᠢᠨ ᠣᠬᠠᠭ᠎ᠠ ᠨᠢᠮᠪᠠᠢ ᠠᠷᠭ᠎ᠠ ᠪᠠᠨ ᠵᠢᠭᠠᠵᠤ ᠦᠭ‍ᠭᠦᠭ᠍ᠰᠡᠨ ᠠᠪᠣ ᠭᠦᠮᠤᠨ ᠤ ᠠᠴᠢ ᠰᠤᠷᠭᠠᠯ᠂ ᠡᠵᠢ ᠭᠦᠮᠤᠨ ᠤ ᠡᠨᠡᠷᠢᠯ ᠬᠠᠢ᠌ᠷ᠎ᠠ ᠭᠡᠳᠡᠭ᠌ ᠡᠨᠡ ᠨᠠᠰᠤᠨ ᠳᠤ ᠭᠠᠭᠴᠠ ᠣᠳᠠᠭ᠎ᠠ ᠲᠤᠬᠢᠶᠠᠯᠳᠤᠳᠠᠭ ᠪᠠᠢ᠌ᠵᠠᠢ᠃

ᠠᠴᠢ ᠶᠡᠭᠡᠳᠡᠢ ᠠᠪᠣ ᠡᠵᠢ ᠮᠢᠨᠢ ᠡᠯᠢᠭᠡᠰᠢᠭ᠌ ᠳᠤᠳᠤᠨᠤᠰᠤᠭ ᠵᠠᠩ ᠲᠡᠶ᠂ ᠬᠠᠷ᠎ᠠ ᠪᠣᠷᠤ ᠰᠠᠨᠠᠭᠠᠨ ᠦᠭᠡᠶ ᠴᠤᠬᠤᠮ 《ᠬᠤᠷᠤᠬᠠᠢ ᠳᠤ ᠬᠤᠤᠷ ᠦᠭᠡᠶ》 ᠭᠡᠮᠡᠷ ᠡᠭᠡᠯ ᠵᠢᠷ ᠤᠨ ᠮᠠᠯᠴᠢᠨ ᠭᠦᠮᠦᠰ ᠪᠢᠯᠠ᠃ ᠨᠠᠮᠢ᠋ᠢ ᠪᠠᠭ᠎ᠠ ᠳᠤ ᠠᠪᠣ ᠡᠵᠢ ᠮᠢᠨᠢ ᠬᠠᠭᠤᠴᠢᠯᠠᠭᠰᠠᠨ ᠨᠢᠭᠡ ᠣᠴᠢᠷ ᠭᠡᠵᠢᠶᠡᠳᠡ ᠮᠠᠷᠳᠠᠭᠳᠠᠬᠤ ᠦᠭᠡᠶ᠃ ᠠᠪᠣ ᠡᠵᠢ ᠮᠢᠨᠢ 《ᠰᠤᠶᠤᠯ ᠤᠨ ᠬᠤᠪᠢᠰᠬᠠᠯ》 ᠊ᠤᠨ ᠣᠯᠠᠭᠠᠨ ᠰᠢᠭᠤᠷᠭᠠᠨ ᠳᠤ 《ᠪᠠᠶᠠᠨ ᠮᠠᠯᠴᠢᠨ ᠤ ᠦᠷ᠎ᠡ》 ᠭᠡᠵᠤ ᠬᠠᠮᠤᠷᠠᠭᠳᠠᠨ ᠳᠡᠮᠡᠴᠡᠭ᠍ᠳᠡᠵᠤ ᠪᠠᠢ᠌ᠬᠤ ᠳᠠᠭᠠᠨ ᠬᠠᠭᠢᠷ ᠭᠦᠢᠳᠡᠨ ᠡᠪᠦᠯ ᠤᠨ ᠨᠢᠭᠡ ᠡᠳᠦᠷ ᠬᠠᠮᠳᠤᠷᠠᠯ ᠤᠨ ᠬᠤᠨᠢ ᠬᠠᠷᠢᠭᠤᠯᠵᠤ ᠪᠠᠢ᠌ᠭᠠᠤᠨ᠂ ᠰᠢᠭᠤᠷᠭᠠᠨ ᠳᠤ ᠬᠤᠨᠢᠨ ᠰᠦᠷᠦᠭ᠌ ᠲᠡᠭᠡᠨ ᠳᠠᠭᠤᠭᠳᠠᠵᠤ ᠳᠦᠭᠡᠷᠢᠭᠡᠳ ᠭᠦᠯᠳᠡᠵᠤ ᠥᠭᠦᠭᠦ ᠶᠢᠨ ᠨᠠᠭᠠᠳᠤ ᠪᠠᠶ᠎ᠠ ᠳᠤ ᠬᠠᠮᠳᠤᠷᠠᠯ ᠤᠨ ᠬᠤᠨᠢ ᠶᠢ ᠬᠠᠮᠠᠭᠠᠯᠠᠨ ᠦᠯᠵᠠᠢ᠌ᠳᠤ ᠨᠠᠰᠤᠳᠠᠨ ᠭᠡᠳᠡᠭ᠌ ᠨᠢᠭᠡ ᠡᠨᠡᠷᠢᠩᠭᠦᠢ ᠰᠡᠳᠭᠢᠯᠳᠠᠢ ᠨᠠᠰᠤᠳᠠᠨ ᠳᠤ ᠠᠪᠣᠷᠠᠭᠳᠠᠵᠠᠢ᠃ ᠦᠯᠵᠠᠢ᠌ᠳᠤ ᠨᠠᠰᠤᠳᠠᠨ ᠬᠠᠰᠢᠷ ᠭᠦᠮᠤᠨ ᠪᠠᠢ᠌ᠭᠰᠠᠨ ᠪᠣᠯᠬᠤᠷ ᠠᠪᠣ ᠡᠵᠢ ᠶᠢᠨ ᠭᠦᠢᠳᠡᠨ ᠳᠤ ᠬᠠᠭᠠᠷᠢᠭᠳᠠᠰᠠᠨ ᠨᠢᠭᠤᠷ ᠴᠢᠷᠠᠢ ᠪᠣᠯᠤᠨ ᠭᠠᠷ ᠭᠦᠯ ᠤᠨ ᠭᠢᠨᠢ ᠬᠤᠷᠤᠭᠤᠨ ᠳᠤ ᠴᠠᠰᠤ ᠮᠦᠰᠤ ᠪᠠᠷ ᠵᠢᠩ ᠪᠠᠷᠢᠵᠤ ᠡᠳᠡᠭᠡᠭ᠍ᠰᠡᠨ ᠭᠡᠨ᠎ᠡ᠃ ᠠᠪᠣ ᠡᠵᠢ ᠮᠢᠨᠢ ᠢᠩᠭᠢᠵᠤ ᠬᠠᠮᠳᠤ ᠨᠠᠢ᠌ᠳᠠ ᠶᠢᠨ ᠲᠦᠯᠦᠭᠡ ᠠᠯᠳᠠᠨ ᠠᠮᠢ ᠪᠠᠨ ᠬᠠᠢ᠌ᠬᠤᠷᠤᠯ ᠦᠭᠡᠶ ᠵᠢᠦᠡᠭᠦᠭ᠍ᠰᠡᠨ ᠪᠦᠭᠡᠳ ᠣᠯᠠᠨ ᠲᠦᠮᠡᠨ ᠲᠡᠶ ᠡᠪ ᠨᠠᠢ᠌ᠷᠳᠠᠢ ᠠᠮᠢᠳᠤᠷᠠᠭᠰᠠᠨ ᠶᠤᠮ ᠡ ︕

ᠬᠠᠢ᠌ᠷᠠᠳᠤ ᠠᠪᠣ ᠮᠢᠨᠢ ᠪᠠᠭ᠎ᠠ ᠳᠠᠭᠠᠨ ᠪᠢᠴᠢᠭ᠌ ᠲᠡᠶ ᠭᠦᠮᠤᠨ ᠡᠴᠡ ᠳᠤᠳᠤ ᠥᠰᠦᠭ᠌ ᠰᠤᠷᠤᠭᠰᠠᠨ ᠮᠦᠷᠳᠡᠭᠡᠨ ᠴᠡᠭᠡᠵᠢ ᠰᠠᠢ᠌ᠳᠠᠢ ᠭᠦᠮᠤᠨ ᠪᠠᠢ᠌ᠭᠰᠠᠨ ᠳᠤᠯᠠ 《ᠰᠤᠶᠤᠯ ᠤᠨ ᠬᠤᠪᠢᠰᠬᠠᠯ》 ᠊ᠤᠨ ᠰᠢᠭᠤᠷᠭᠠᠨ ᠨᠠᠮᠳᠠᠭᠰᠠᠨ ᠤ ᠳᠠᠷᠠᠭ᠎ᠠ ᠳᠤᠰᠬᠤᠨ ᠤ ᠺᠠᠳ᠋ᠷ ᠶᠢᠡᠷ ᠠᠵᠢᠯᠯᠠᠵᠤ᠂ ᠮᠠᠯᠴᠢᠳ ᠠᠷᠠᠤᠨ ᠶᠢᠡᠨ ᠳᠠᠭᠠᠭᠤᠯᠤᠨ ᠨᠠᠮ ᠤᠨ ᠵᠦᠪ ᠣᠨᠤᠪᠴᠢᠳᠠᠢ ᠣᠳᠤᠷᠢᠳᠤᠯᠭ᠎ᠠ ᠪᠠᠷ ᠪᠠᠶᠠᠵᠢᠯ ᠤᠨ ᠵᠠᠮ ᠶᠢᠡᠷ ᠵᠠᠮᠨᠠᠭᠰᠠᠨ᠂ ᠠᠷᠠᠤᠨ ᠲᠦᠮᠡᠨ ᠳᠡᠭᠡᠨ ᠳᠤᠰᠠᠷᠬᠠᠭ᠂ ᠨᠠᠮ ᠳᠠᠭᠠᠨ ᠦᠨᠡᠠᠴᠢ ᠰᠢᠳᠤᠷᠠᠭᠤ ᠪᠠᠷ ᠵᠢᠦᠡᠭᠦᠭ᠍ᠰᠡᠨ ᠦᠨᠳᠦᠰᠦᠨ ᠱᠠᠳᠤ ᠶᠢᠨ ᠡᠩ ᠤᠨ ᠺᠠᠳ᠋ᠷ᠂ ᠭᠦᠳᠡᠭᠡ ᠨᠤᠳᠤᠭ ᠤᠨ ᠡᠭᠡᠯ ᠮᠠᠯᠴᠢᠨ ᠪᠢᠯᠠ᠃

ᠡᠨᠡᠷᠢᠯᠳᠤ ᠡᠵᠢ ᠮᠢᠨᠢ ᠠᠪᠣ ᠶᠢᠨ ᠭᠤᠯᠤᠮᠳᠠ ᠶᠢ ᠨᠠᠰᠤ ᠪᠠᠷ ᠶᠢᠡᠨ ᠰᠠᠭᠢᠵᠤ᠂ ᠠᠯᠠᠭ ᠵᠢᠷᠭᠤᠭᠠᠨ ᠦᠷ᠎ᠡ ᠪᠠᠨ ᠠᠰᠠᠷᠠᠨ ᠥᠰᠭᠡᠭᠦ ᠳᠡᠭᠡᠨ ᠣᠮᠠᠯᠵᠢᠯᠯᠠᠳᠤ ᠵᠠᠩᠰᠢᠯ ᠶᠢᠡᠨ ᠳᠡᠭᠡᠳᠦᠯᠡᠨ᠂ ᠳᠠᠯ᠎ᠠ ᠨᠤᠳᠤᠭ ᠤᠨ ᠦᠶ ᠣᠯᠠᠨ ᠮᠤᠩᠭ᠋ᠤᠯ ᠪᠦᠰᠡᠭᠦᠢᠴᠦᠳ ᠲᠡᠶ ᠠᠳᠠᠯᠢ ᠪᠠᠷ᠂ ᠦᠷᠠᠰ ᠤᠨ ᠶᠢᠡᠨ ᠰᠠᠢ᠌ᠨ ᠰᠠᠢ᠌ᠬᠠᠨ ᠤ ᠲᠦᠯᠦᠭᠡ ᠵᠠᠯᠠᠭᠤ ᠽᠠᠠᠳᠠᠨ ᠨᠠᠰᠤ ᠪᠠᠨ ᠵᠤᠷᠢᠭᠤᠯᠤᠭᠰᠠᠨ᠂ ᠡᠩᠭᠡ ᠳᠠᠢ᠌ᠪᠣᠩ ᠠᠮᠢᠳᠤᠷᠠᠯ ᠳᠤ ᠳᠤᠷᠠᠳᠠᠢ ᠳᠠᠯ᠎ᠠ ᠶᠢᠨ ᠮᠠᠯᠴᠢᠨ ᠪᠦᠰᠡᠭᠦᠢ ᠪᠠᠢ᠌ᠭᠰᠠᠨ᠃

ᠭᠦᠡᠳᠦᠳᠤ ᠠᠪᠣ ᠡᠵᠢ ᠮᠢᠨᠢ ᠡ᠂ ᠭᠦᠪᠠᠭᠦᠤᠨ ᠳᠠᠨᠢ ᠣᠳᠤ ᠳᠠᠨᠠᠷ ᠤᠨ ᠠᠴᠢ ᠡᠨᠡᠷᠢᠯ ᠪᠣᠶᠤ ᠨᠤᠳᠤᠭ ᠨᠢᠷᠤᠭᠤᠨ ᠤ ᠪᠠᠨ ᠦᠯᠵᠠᠢ ᠬᠠᠪᠢᠷᠠᠭ᠎ᠠ ᠳᠤ ᠪᠠᠭᠳᠠᠵᠤ᠂ ᠴᠤᠭᠭᠠᠷ ᠠᠢ᠌ᠯ ᠠᠮᠢᠳᠠᠨ ᠪᠣᠯᠵᠤ᠂ ᠦᠷ᠎ᠡ ᠰᠠᠳᠤ ᠲᠡᠶ ᠦᠷᠠᠵᠢᠯ ᠲᠦᠯᠵᠢᠯ ᠲᠡᠶ᠂ ᠭᠢᠵᠤ ᠪᠦᠳᠦᠭᠡᠭᠦ ᠡᠴᠡ ᠠᠵᠢᠯ ᠣᠢ᠌ᠯᠠᠰ ᠲᠡᠶ᠂ ᠭᠡᠨ ᠡᠴᠡ ᠴᠤ ᠬᠤᠴᠤᠷᠬᠤ ᠦᠭᠡᠶ ᠠᠵᠤ ᠠᠮᠢᠳᠤᠷᠠᠯ ᠲᠡᠶ ᠭᠢᠯᠠᠷᠠᠭᠤᠯᠵᠤ ᠪᠠᠢ᠌ᠨ᠎ᠠ᠃ ᠡᠨᠡ ᠪᠦᠭᠦᠨ ᠴᠤᠭᠭᠠᠷ ᠠᠴᠢ ᠶᠡᠭᠡᠳᠡᠢ ᠳᠠ ᠬᠤᠶᠠᠷ ᠤᠨ ᠵᠢᠦᠡᠭᠦᠯ ᠴᠢᠷᠮᠠᠢ᠌ᠯᠭ᠎ᠠ ᠪᠣᠶᠤ ᠦᠷᠠᠰ ᠶᠢᠡᠨ ᠭᠡᠰᠡᠨ ᠠᠷᠢᠭᠤᠨ ᠰᠡᠳᠭᠢᠯ ᠡᠴᠡ ᠰᠠᠯᠤᠰᠢ ᠦᠭᠡᠶ ᠶᠤᠮ ᠡ ︕

ᠠᠪᠣ ᠡᠵᠢ ᠮᠢᠨᠢ ᠳᠠᠨᠠᠷ ᠪᠢᠳᠠᠨ ᠤ ᠦᠨᠦᠳᠤᠷ ᠤᠨ ᠵᠤᠯ ᠵᠢᠷᠭᠠᠯᠳᠠᠢ ᠠᠮᠢᠳᠤᠷᠠᠯ ᠪᠣᠯᠤᠨ ᠰᠠᠢ᠌ᠨ ᠰᠠᠢ᠌ᠬᠠᠨ ᠢ ᠦᠵᠡᠵᠤ ᠠᠮᠵᠢᠭᠰᠠᠨ ᠦᠭᠡᠶ ᠪᠣᠯᠤᠨ ᠦᠷᠠᠰ ᠳᠠᠨᠢ ᠪᠢᠳᠠ ᠳᠠᠨᠠᠷ ᠶᠢᠡᠨ ᠠᠴᠢᠯᠠᠵᠤ ᠴᠢᠳᠠᠭᠰᠠᠨ ᠦᠭᠡᠶ ᠨᠢ ᠬᠠᠷᠠᠮᠰᠠᠯᠳᠠᠢ ᠴᠤ ᠳᠠᠨᠠᠷ ᠤᠨ ᠶᠢᠡᠨ ᠠᠴᠢ ᠡᠨᠡᠷᠢᠯ ᠢ ᠥᠭᠡᠢ᠌ᠯᠡᠨ ᠰᠠᠨᠠᠵᠤ᠂ ᠭᠡᠭᠡᠨ ᠰᠦᠨᠠᠰᠤᠨ ᠳ᠋ᠤᠨᠢ ᠰᠠᠴᠤᠯᠢ ᠡᠷᠭᠦᠨ ᠰᠡᠳᠭᠢᠯ ᠵᠢᠷᠦᠭᠡᠨ ᠳᠡᠭᠡᠨ ᠳᠤᠷᠠᠰᠴᠤ᠂ ᠮᠦᠨᠴᠤ ᠦᠷ᠎ᠡ ᠠᠴᠢᠨᠠᠷ ᠲᠠᠭᠠᠨ ᠳᠠᠨᠠᠷ ᠤᠨ ᠶᠢᠡᠨ ᠳᠤᠬᠠᠢ ᠭᠡᠷᠢᠶᠡᠰᠦᠯᠡᠨ ᠣᠳᠤᠮ ᠳᠠᠮᠵᠢᠵᠤ ᠰᠠᠢ᠌ᠬᠠᠨ ᠠᠮᠢᠳᠤᠷᠠᠬᠤ ᠶᠤᠮ ᠡ᠃


ᠬᠠᠶ‍ᠢᠭ᠄ ᠪᠠᠶᠠᠠᠭᠤᠤᠯ ᠵᠸᠤ ᠶᠢᠨ ᠾᠸᠵᠢᠩ ᠰᠢᠶᠠᠨ ᠤ ᠪᠠᠶᠠᠠᠪᠣᠯᠠᠭ ᠪᠠᠯᠭᠠᠰᠤᠨ ᠤ ᠡᠩᠭᠡ ᠠᠮᠤᠭᠤᠯᠠᠩ ᠡᠮ ᠤᠨ ᠳᠡᠯᠭᠡᠭᠦᠷ


ᠵᠤᠬᠢᠶᠠᠭᠴᠢ᠄ ᠳ᠋ᠤ᠋·ᠭᠤᠠᠴᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 6192
ᠴᠠᠭ᠄ 2010 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ