ᠨᠡᠪᠲᠡᠷᠡᠨ ᠤᠷᠤᠬᠤ
ᠮᠢᠨᠤ ᠪᠠᠭᠰᠢ

ᠮᠢᠨᠤ ᠪᠠᠭᠰᠢ

ᠭᠦᠮᠤᠨ ᠤ ᠣᠷᠴᠢᠯᠠᠩ ᠳᠤ

ᠭᠦᠴᠢᠷ ᠢ ᠡᠳ᠋ᠯᠡᠭ᠍ᠴᠢ ᠵᠠᠷᠤᠴᠠ ᠶᠤᠮ᠃

ᠭᠦᠪᠦᠷᠡᠯ ᠨᠠᠭᠢᠶ᠎ᠠ ᠶᠢ ᠥᠢᠯᠡᠳᠦᠭ᠍ᠴᠢ

ᠭᠦᠪᠰᠡᠭᠡᠷ ᠵᠥᠭᠡᠯᠡᠨ ᠭᠦᠷᠦᠰᠤ ᠶᠤᠮ᠃

ᠮᠢᠨᠤ ᠪᠠᠭᠰᠢ

ᠭᠦᠭ᠍ᠵᠢᠯᠳᠤ ᠡᠨᠡ ᠡᠷᠡᠨ ᠳᠤ

ᠭᠦᠷᠳᠤᠨ ᠣᠯᠠᠭᠠᠨ ᠨᠠᠷᠠ ᠶᠤᠮ᠃

ᠭᠦᠮᠤᠨ ᠤ ᠴᠡᠭᠡᠵᠢ ᠳᠤ ᠰᠠᠴᠤᠷᠤᠭᠰᠠᠨ

ᠭᠦᠵᠢ ᠵᠤᠯᠠ ᠶᠢᠨ ᠭᠡᠷᠡᠯ ᠶᠤᠮ᠃

ᠮᠢᠨᠤ ᠪᠠᠭᠰᠢ

ᠦᠭᠡᠶ ᠪᠣᠯᠳᠠᠭ ᠦᠭᠡᠶ ᠪᠣᠯᠠᠭ ᠤᠨ ᠣᠰᠤᠨ ᠪᠢᠯᠠ

ᠦᠭᠡᠶ ᠪᠣᠯᠳᠠᠭ ᠦᠭᠡᠶ ᠣᠳᠤᠨ ᠮᠡᠴᠢᠳ ᠪᠢᠯᠠ

ᠰᠠᠪᠠᠨ ᠳᠤ ᠪᠢᠯᠬᠠᠭᠰᠠᠨ ᠰᠥ᠋ ᠪᠢᠯᠠ

ᠰᠦᠨᠢ ᠶᠢ ᠭᠡᠷᠡᠯᠳᠦᠭᠦᠯᠦᠭ᠍ᠰᠡᠨ ᠰᠠᠷᠠ ᠪᠢᠯᠠ

ᠮᠢᠨᠤ ᠪᠠᠭᠰᠢ

ᠣᠶᠠᠩᠭ᠋᠎ᠠ ᠰᠢᠯᠦᠭ᠌ ᠤᠨ ᠮᠢᠨᠢ ᠭᠠᠷᠴᠠᠭ ᠶᠤᠮᠰᠠᠨ

ᠣᠬᠠᠭᠠᠨ ᠰᠠᠨᠠᠭᠠᠨ ᠤ ᠮᠢᠨᠢ ᠳᠤᠯᠢ ᠶᠤᠮᠰᠠᠨ

ᠰᠠᠭᠤᠬᠤ ᠭᠡᠷ ᠤᠨ ᠮᠢᠨᠢ ᠰᠠᠭᠤᠷᠢ ᠶᠤᠮᠰᠠᠨ

ᠰᠠᠨᠠᠭ᠎ᠠ ᠵᠤᠷᠢᠭ ᠤᠨ ᠮᠢᠨᠢ ᠭᠦᠷᠳᠤ ᠶᠤᠮᠰᠠᠨ

ᠮᠢᠨᠤ ᠪᠠᠭᠰᠢ

ᠡᠳᠦᠷ ᠳᠠᠭᠤᠰᠳᠠᠯ᠎ᠠ ᠨᠠᠰᠤ ᠠᠭᠰᠢᠷᠠᠳᠠᠯ᠎ᠠ

ᠣᠢ᠌ᠯᠴᠢᠯᠠᠵᠤ ᠪᠠᠢ᠌ᠭ᠎ᠠ ᠪᠠᠭᠰᠢ ᠮᠢᠨᠢ

ᠡᠷᠳᠡᠮ ᠮᠡᠳᠡᠯᠭᠡ ᠡᠵᠡᠮᠰᠢᠵᠤ ᠪᠠᠢ᠌ᠭ᠎ᠠ ᠪᠢᠳᠠ

ᠦᠨᠳᠦᠰᠦᠳᠠᠨ ᠤ ᠪᠠᠨ ᠳᠦᠯᠦᠭᠡ ᠵᠢᠦᠡᠭᠦᠨ᠎ᠡ ᠦᠷ᠎ᠡ ᠴᠢᠨᠢ᠃

ᠵᠤᠬᠢᠶᠠᠭᠴᠢ᠄ ᠡᠷᠳᠡᠨᠢᠴᠢᠮᠡᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3296
ᠴᠠᠭ᠄ 2009 ᠤᠨ ᠤ 01 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ