☆ ᠰ·ᠵᠠᠮᠰᠤ
ᠬᠠᠢ᠌ᠯᠠᠰᠤᠨ ᠱᠠᠩᠰᠢ ᠭᠢᠭᠡᠤᠨ ᠡᠪᠦᠭᠡᠨ ᠪᠠᠭᠰᠢ
ᠬᠠᠢ᠌ᠯᠠᠰᠤᠨ ᠮᠤᠳᠤ ᠲᠡᠶ ᠪᠠᠭᠠᠬᠠᠨ ᠬᠤᠳᠤᠭᠤᠷ ᠳᠤ
ᠡᠭᠡ ᠰᠤᠷᠭᠠᠭᠤᠯᠢ ᠮᠢᠨᠢ ᠪᠠᠢ᠌ᠷᠢᠯᠠᠳᠠᠭ ᠪᠠᠢ᠌ᠯ᠎ᠠ
ᠬᠠᠵᠠᠭᠤ ᠳ᠋ᠤᠨᠢ ᠨᠡᠪᠳᠡᠢ᠌ᠭ᠍ᠰᠡᠨ ᠰᠢᠪᠠᠷ ᠪᠠᠢ᠌ᠰᠢᠩ ᠳᠤ
ᠡᠪᠦᠭᠡᠨ ᠪᠠᠭᠰᠢ ᠮᠢᠨᠢ ᠰᠠᠭᠤᠳᠠᠭ ᠪᠠᠢ᠌ᠯ᠎ᠠ᠃
ᠬᠤᠳᠤᠭᠤᠷ ᠲᠤ ᠣᠷᠭᠤᠭᠰᠠᠨ ᠴᠤ ᠴᠢᠨᠠᠷ ᠬᠠᠳᠠᠭᠤ ᠪᠠᠢ ᠭᠡᠵᠤ
ᠬᠠᠢ᠌ᠯᠠᠰᠤᠨ ᠱᠠᠩᠰᠢ ᠨᠢ ᠵᠢᠭᠠᠳᠠᠭ ᠪᠠᠢ᠌ᠯ᠎ᠠ
ᠭᠦᠳᠡᠭᠡ ᠮᠠᠩᠬᠠᠨ ᠡᠴᠡ ᠴᠤ ᠭᠠᠷᠤᠳᠠᠢ ᠳᠠᠪᠳᠠᠷᠢᠨᠠ ᠭᠡᠵᠤ
ᠬᠠᠯᠵᠠᠨ ᠪᠠᠭᠰᠢ ᠣᠴᠢᠷᠯᠠᠳᠠᠭ ᠪᠠᠢ᠌ᠯ᠎ᠠ᠃
ᠦᠭᠭᠢᠶᠡᠮᠦᠷᠴᠢ ᠪᠣᠷᠤᠭᠵᠢᠭᠤᠨ ᠬᠠᠢ᠌ᠯᠠᠰᠤᠨ ᠱᠠᠩᠰᠢ
ᠥᠯᠦᠰᠭᠦᠯᠡᠩ ᠵᠢᠯ ᠤᠳ ᠲᠤ ᠵᠤᠭ᠎ᠠ ᠪᠠᠨ ᠬᠠᠢ᠌ᠷᠠᠯᠠᠭᠰᠠᠨ
ᠥᠰᠦᠷᠦᠩᠭᠦᠢ ᠳᠠᠪᠰᠢᠯᠳᠠ ᠶᠢᠨ ᠨᠢᠯᠬ᠎ᠠ ᠨᠠᠮᠢ᠋ᠢ
ᠡᠷ᠎ᠡ ᠶᠢᠨ ᠭᠡᠢ᠌ᠮᠦᠷᠢ ᠳᠤ ᠳᠦᠷᠦᠭᠡ ᠭᠢᠰᠭᠢᠭᠦᠯᠦᠭ᠍ᠰᠡᠨ᠃
ᠥᠳᠡᠯᠦᠭᠡ ᠪᠠᠭᠰᠢ ᠶᠢᠨ ᠨᠠᠰᠤᠨ ᠤ ᠣᠢ᠌ᠯᠠᠰ
ᠦᠰᠪᠦᠷᠢ ᠶᠢᠨ ᠰᠤᠷᠤᠭᠴᠢᠳ ᠲᠤ ᠬᠠᠢ᠌ᠷ᠎ᠠ ᠪᠠᠨ ᠶᠡᠭᠦᠯᠡᠭ᠍ᠰᠡᠨ
ᠥᠢᠮᠡᠭᠡᠡᠳᠤ ᠵᠢᠯ ᠤᠨ ᠥᠷᠡᠭ᠍ᠳᠡᠯ ᠪᠢ ᠴᠤ
ᠡᠷᠳᠡᠮ ᠤᠨ ᠬᠠᠷᠭᠤᠢ ᠶᠢ ᠵᠤᠯ ᠲᠡᠶ ᠡᠯᠭᠦᠭ᠍ᠰᠡᠨ᠃
ᠬᠠᠪᠣᠷ ᠤᠨ ᠬᠠᠪᠣᠷ ᠵᠤᠭ᠎ᠠ ᠪᠦᠭᠡᠯᠵᠢᠭ᠍ᠰᠡᠭᠡᠷ
ᠬᠠᠢ᠌ᠷᠠᠨ ᠱᠠᠩᠰᠢ ᠠᠷᠭ᠎ᠠ ᠦᠭᠡᠶ ᠥᠳᠡᠯᠴᠢᠭᠡᠵᠢ
ᠭᠢᠷ᠎ᠠ ᠳᠡᠭᠡᠷ᠎ᠡ ᠥᠡᠳᠦᠰᠦᠯᠡᠭ᠍ᠰᠡᠨ ᠴᠤ ᠬᠠᠵᠠᠢ᠌ᠬᠤ ᠦᠭᠡᠶ ᠰᠦᠰᠦ
ᠬᠠᠢ᠌ᠯᠠᠰᠤ ᠨᠠᠷᠠ ᠮᠥᠩᠭᠡᠳᠡ ᠰᠡᠭᠦᠢᠯᠭᠡᠵᠡᠢ᠃
ᠬᠣᠢ᠌ᠨᠠᠭᠢ ᠭᠦᠮᠦᠰ ᠲᠡᠭᠡᠨ ᠶᠠᠠᠳᠠᠷ ᠪᠣᠯᠤᠭᠰᠠᠨ ᠪᠠᠭᠰᠢ ᠶᠢᠨ
ᠬᠠᠨᠠᠭᠠᠷ ᠨᠢᠷᠤᠭᠤ ᠨᠠᠢ᠌ᠷ ᠦᠭᠡᠶ ᠪᠦᠭ᠍ᠳᠥᠢᠴᠢᠭᠡᠵᠡᠢ᠃
ᠬᠠᠷᠠᠯᠭᠠᠨ ᠭᠡᠵᠢᠭᠡ ᠣ ᠶᠢᠨ ᠪᠢᠷ ᠲᠤ ᠴᠠᠢ᠌ᠭᠰᠠᠨ ᠴᠤ
ᠭᠦᠡᠳᠦᠳᠤ ᠳᠦᠷᠢ ᠨᠢ ᠮᠠᠨ ᠤ ᠰᠠᠤᠠᠭᠢᠯ ᠳᠤ ᠱᠤᠭᠤᠭᠳᠠᠵᠠᠢ᠃
《ᠡᠷᠡᠭᠦᠯ ᠴᠠᠭᠠᠨ ᠬᠠᠰᠭᠢᠷᠤᠯ》 ᠭᠡᠳᠡᠭ᠌ ᠨᠤᠮ ᠡᠴᠡ ᠵᠤᠬᠢᠶᠠᠭᠴᠢ ᠶᠢᠨ ᠵᠦᠪᠰᠢᠶᠠᠷᠠᠯ ᠲ᠋ᠠᠢ ᠰᠢᠯᠵᠢᠭᠦᠯᠪᠡ
ᠵᠤᠬᠢᠶᠠᠭᠴᠢ᠄ ᠰ·ᠵᠠᠮᠰᠤ
ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄
ᠰᠢᠯᠦᠭᠳᠠᠷᠤᠮ᠄ 2644
ᠴᠠᠭ᠄ 2008 ᠤᠨ ᠤ 12 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ