ᠨᠡᠪᠲᠡᠷᠡᠨ ᠤᠷᠤᠬᠤ
ᠮᠢᠨᠤ ᠳᠦᠷᠦᠭ᠍ᠰᠡᠨ ᠡᠳᠦᠷ ᠤᠨ ᠪᠠᠯᠡᠭ᠌

     ᠠᠷᠭ᠎ᠠ ᠶᠢᠨ ᠣᠯᠠᠷᠢᠯ ᠤᠨ 6 ᠰᠠᠷ᠎ᠠ ᠶᠢᠨ 18 ᠊ᠤ ᠡᠳᠦᠷ ᠪᠣᠯ ᠮᠢᠨᠤ ᠳᠦᠷᠦᠭ᠍ᠰᠡᠨ ᠡᠳᠦᠷ ᠰᠢᠤ︕

     ᠨᠢᠳᠤᠨᠤᠨ ᠵᠢᠯ ᠤᠨ ᠡᠨᠡ ᠡᠳᠦᠷ ᠢ ᠡᠷᠭᠢᠴᠡᠭᠦᠯᠤᠨ ᠪᠣᠳᠤᠬᠤ ᠪᠦᠷᠢ ᠪᠢ ᠲᠤᠢ᠌ᠯ ᠶᠢᠡᠷ ᠣᠮᠤᠭᠰᠢᠳᠠᠭ ᠶᠤᠮ᠃ ᠣᠴᠢᠷ ᠨᠢ ᠡᠨᠡ ᠡᠳᠦᠷ ᠠᠪᠣ ᠡᠵᠢ᠂ ᠮᠢᠨᠤ ᠳᠦᠷᠦᠭ᠍ᠰᠡᠨ ᠡᠳᠦᠷ ᠤᠨ ᠪᠠᠶᠠᠷ ᠢ ᠪᠠᠯᠭᠡᠯᠡᠵᠤ ᠦᠭ‍ᠭᠦ ᠪᠠᠷ ᠳᠤᠰᠬᠠᠢ᠌ᠯᠠᠨ ᠳᠡᠷᠭᠡ ᠭᠦᠯᠦᠰᠦᠯᠡᠵᠤ ᠬᠤᠰᠢᠭᠤᠨ ᠲᠦᠪ ᠲᠤ ᠣᠴᠢᠵᠤ ᠳᠤᠷᠠᠰᠬᠠᠯ ᠤᠨ ᠰᠡᠭᠦᠳᠡᠷ ᠳᠠᠳᠠᠭᠤᠯᠤᠭᠰᠠᠨ ᠪᠢᠯᠠ︕

   ᠪᠢ ᠰᠡᠭᠦᠳᠡᠷ ᠳᠠᠳᠠᠬᠤ ᠭᠠᠵᠠᠷ ᠲᠤ ᠵᠣᠢ᠌ᠯ ᠵᠣᠢ᠌ᠯ ᠤᠨ ᠭᠤᠶᠤ ᠬᠤᠪᠴᠠᠰᠤ ᠶᠢ ᠨᠢ ᠡᠮᠦᠰᠴᠤ ᠪᠠᠢ᠌ᠭᠠᠤᠨ ᠣᠯᠠᠨ ᠶᠠᠩᠵᠤ ᠪᠠᠷ ᠰᠡᠭᠦᠳᠡᠷᠯᠡᠭ᠍ᠰᠡᠨ ᠪᠠᠢ᠌ᠨ᠎ᠠ᠃ ᠬᠠᠮᠤᠭ ᠤᠨ ᠰᠡᠭᠦᠯ ᠳᠤ ᠠᠪᠣ ᠡᠵᠢ ᠮᠢᠨᠢ ᠨᠠᠮ᠎ᠠ ᠳᠤ᠄ 《ᠣᠳᠤ ᠪᠢᠳᠠ ᠭᠤᠷᠪᠠᠭᠤᠯᠠ ᠪᠠᠨ ᠨᠢᠭᠡ ᠪᠦᠭᠦ ᠭᠡᠷ ᠤᠨ ᠬᠠᠮᠳᠤ ᠶᠢᠨ ᠰᠡᠭᠦᠳᠡᠷ ᠳᠡᠳᠡᠶ᠎ᠡ︕》  ᠭᠡᠳ ᠢᠨᠢᠶᠠᠳᠤ ᠲᠡᠶ ᠵᠢᠷᠭᠠᠯ ᠲᠡᠶ ᠪᠠᠷ ᠬᠠᠮᠳᠤ ᠶᠢᠨ ᠰᠡᠭᠦᠳᠡᠷ ᠠᠪᠣᠭᠤᠯᠤᠭᠰᠠᠨ ᠶᠤᠮ᠃

     ᠦᠳᠡ ᠥᠩᠭᠡᠷᠡᠮᠡᠭ᠍ᠴᠡ ᠮᠠᠨ ᠤ ᠳᠠᠳᠠᠭᠤᠯᠤᠭᠰᠠᠨ ᠰᠡᠭᠦᠳᠡᠷ ᠭᠠᠷᠤᠭᠰᠠᠨ ᠪᠠᠢ᠌ᠨ᠎ᠠ᠃ ᠪᠢ ᠡᠳᠡᠭᠡᠷ ᠰᠡᠭᠦᠳᠡᠷ ᠶᠢᠡᠨ ᠥᠵᠡᠭᠡᠳ ᠶᠠᠮᠠᠷ ᠴᠤ ᠠᠮᠳᠠᠳᠤ ᠬᠤᠭᠤᠯᠠ ᠢᠳᠠᠨ᠂ ᠭᠤᠶᠤ ᠬᠤᠪᠴᠠᠰᠤ ᠡᠮᠦᠰᠦᠭ᠍ᠰᠡᠨ ᠡᠴᠠ ᠬᠤᠯᠠ ᠢᠯᠡᠭᠦᠤ ᠪᠠᠶᠠᠷᠯᠠᠭᠰᠠᠨ ᠶᠤᠮ᠃ ᠨᠠᠩ ᠢᠯᠡᠭᠦᠤ ᠠᠪᠣ ᠡᠵᠢ ᠮᠠᠨ ᠤ ᠭᠤᠷᠪᠠ ᠶᠢᠨ ᠬᠠᠮᠳᠤ ᠶᠢᠨ ᠰᠡᠭᠦᠳᠡᠷ ᠶᠢᠡᠨ ᠬᠠᠷᠠᠬᠤ ᠪᠦᠷᠢ 《ᠪᠢᠯᠵᠦᠦᠬᠠᠢ》  ᠭᠡᠳᠡᠭ᠌ ᠭᠢᠴᠢᠶᠠᠯ ᠰᠠᠨᠠᠭᠠᠨ ᠳᠤ ᠣᠷᠤᠵᠤ᠂ 《ᠰᠢᠪᠠᠭᠤ ᠦᠷ᠎ᠡ ᠶᠢᠨ ᠲᠦᠯᠦᠭᠡ ᠰᠤᠳᠤ ᠪᠠᠨ ᠪᠠᠷᠠᠵᠤ᠂ ᠭᠦᠮᠤᠨ ᠬᠡᠦᠬᠡᠳ ᠤᠨ ᠲᠦᠯᠦᠭᠡ ᠳᠠᠷ ᠶᠢᠡᠨ ᠪᠠᠷᠡᠳᠡᠭ》  ᠭᠡᠵᠤ ᠪᠠᠭᠰᠢ ᠶᠢᠨ ᠭᠡᠯᠡᠭ᠍ᠰᠡᠨ ᠥᠭᠡ ᠰᠠᠨᠠᠭᠳᠠᠳᠠᠭ᠃

     ᠪᠢ ᠡᠨᠡ ᠣᠳᠠᠭᠠᠨ ᠤ ᠳᠦᠷᠦᠭ᠍ᠰᠡᠨ ᠡᠳᠦᠷ ᠤᠨ ᠪᠠᠯᠡᠭ᠌ ᠶᠢᠡᠨ ᠶᠠᠭᠤᠨ ᠡᠴᠠ ᠴᠤ ᠡᠷᠭᠢᠮᠯᠡᠵᠤ᠂ ᠭᠡᠵᠢᠶᠡᠳᠡ ᠮᠠᠷᠳᠠᠬᠤ ᠦᠭᠡᠶ ᠶᠠᠪᠣᠨ᠎ᠠ᠃


                    ᠵᠢᠯᠤᠭᠤᠳᠤᠭᠰᠠᠨ ᠪᠠᠭᠰᠢ᠄ ᠳᠠᠪᠬᠤᠷᠪᠠᠶᠠᠷ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠪᠣᠤ ᠴᠦᠨ ᠰᠢᠶᠤᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 3075
ᠴᠠᠭ᠄ 2011 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ