☆ ᠰ·ᠮᠥᠩᠭᠡᠨᠡᠷᠡᠰᠤ
ᠶᠠᠭᠤ ᠭᠦᠰᠡᠭᠡ ᠪᠢᠯᠠ ᠪᠢ
ᠡᠪᠠᠰᠤᠨ ᠳᠤᠯᠤᠭᠠᠢ ᠢᠯᠪᠢᠩᠭᠡᠨ ᠰᠢᠭᠦᠳᠡᠷᠢ ᠭᠢᠯᠳᠠᠭᠠᠨᠠᠭᠰᠠᠨ ᠦᠷᠯᠦᠭᠡ ᠡᠴᠠ
ᠶᠠᠭᠤ ᠭᠦᠰᠡᠭᠡ ᠪᠢᠯᠠ ᠪᠢ
ᠡᠭᠦᠯᠡᠨ ᠳᠤ ᠰᠥᠮᠡᠯᠵᠡᠭᠦ ᠠᠭᠤᠯᠠᠰ ᠤᠨ ᠪᠠᠷ᠎ᠠ ᠬᠠᠷᠠᠭᠤᠯᠳᠠᠵᠤ
ᠬᠠᠢ᠌ᠷᠠᠬᠠᠨ ᠪᠠᠭ᠎ᠠ ᠨᠠᠰᠤ ᠪᠠᠨ ᠥᠭᠡᠢ᠌ᠯᠡᠵᠤ ᠰᠠᠭᠤᠭ᠎ᠠ ᠤᠤ
ᠳᠠᠯ᠎ᠠ ᠶᠢᠨ ᠠᠭᠤᠳᠠᠮ ᠳᠡᠷᠳᠡᠭᠡ ᠡᠴᠠ
ᠵᠡᠷᠭᠡᠯᠭᠡᠨ ᠪᠦᠵᠢᠭ᠍ᠰᠡᠭᠡᠷ ᠠᠢ᠌ᠰᠤᠢ ᠴᠤ
ᠬᠤᠷᠮᠤᠢ ᠳᠤ ᠨᠢ ᠣᠶᠠᠭᠠᠳᠠᠢ ᠪᠠᠢ᠌ᠭᠰᠠᠨ ᠪᠠᠭ᠎ᠠ ᠨᠠᠰᠤ ᠮᠢᠨᠢ ᠠᠯᠠᠭ᠎ᠠ
ᠬᠣᠢ᠌ᠮᠤᠷ ᠳᠦᠭᠦᠷᠭᠡᠭ᠍ᠰᠡᠨ ᠪᠣᠭᠤᠷᠤᠯ ᠡᠮᠡᠭᠡ ᠮᠢᠨᠢ ᠴᠤ ᠠᠯᠠᠭ᠎ᠠ
ᠬᠠᠢ᠌ᠷ᠎ᠠ ᠶᠢᠨ ᠮᠠᠠᠳᠤᠯ ᠳᠤ ᠪᠠᠨ
ᠨᠠᠮ᠎ᠠ ᠶᠢ ᠪᠠᠨ ᠡᠷᠭᠡᠯᠡᠭᠦᠯᠦᠭ᠍ᠰᠡᠨ ᠠᠮᠠᠷᠠᠭ ᠡᠴᠠ ᠪᠠᠨ
ᠶᠠᠭᠤ ᠭᠦᠰᠡᠭᠡ ᠪᠢᠯᠠ ᠪᠢ
ᠬᠠᠷᠠᠴᠠᠨ ᠳᠤ ᠨᠢ ᠠᠭᠤᠰᠴᠤ ᠶᠠᠪᠣᠭᠰᠠᠨ ᠳᠤᠷᠠᠯᠠᠯᠳᠤ ᠮᠦᠴᠡᠰ ᠶᠢᠡᠨ
ᠨᠢᠯᠪᠣᠰᠤᠨ ᠳᠤᠰᠤᠯ ᠳᠤ ᠨᠢ ᠳᠠᠯᠠᠰᠵᠢᠬᠤ ᠶᠢ ᠬᠠᠷᠠᠬᠤ ᠭᠡᠵᠤ ᠭᠤᠷᠢᠳᠠᠭ᠎ᠠ ᠤᠤ
ᠨᠢᠭᠤᠴᠠᠬᠠᠨ ᠬᠠᠢ᠌ᠷ᠎ᠠ ᠪᠠᠨ ᠠᠮᠠᠯᠠᠭᠰᠠᠨ ᠭᠤᠷᠪᠠᠬᠠᠨ ᠥᠭᠡ ᠶᠢ ᠨᠢ
ᠨᠢᠳᠤᠨ ᠴᠡᠴᠡᠭᠡᠢ ᠳᠤᠳᠤᠷ᠎ᠠ ᠨᠢ ᠰᠠᠢ᠌ᠯᠵᠤ ᠭᠠᠢ᠌ᠬᠠᠭᠤᠯᠬᠤ ᠶᠢ ᠰᠢᠨᠤᠭᠠ ᠤᠤ
ᠰᠠᠴᠤᠷᠠᠬᠤ ᠨᠠᠷᠠᠨ ᠤ ᠠᠯᠳᠠᠨ ᠳᠤᠶᠠᠭ᠎ᠠ ᠰᠢᠭ
ᠰᠠᠢ᠌ᠬᠠᠨ ᠵᠠᠯᠠᠭᠤ ᠨᠠᠰᠤᠨ ᠡᠴᠠ ᠪᠠᠨ
ᠶᠠᠭᠤ ᠭᠦᠰᠡᠭᠡ ᠪᠢᠯᠠ ᠪᠢ
ᠳᠤᠷᠠᠯᠠᠯ ᠶᠢᠡᠷ ᠰᠤᠯᠤᠩᠭ᠋ᠠᠷᠠᠬᠤ ᠴᠠᠭ ᠳᠠᠩᠴᠢ ᠣᠬᠤᠷᠬᠠᠨ ᠢ ᠴᠢᠮᠠᠯᠠᠭᠠ ᠤᠤ
ᠳᠤᠷᠠᠯᠠᠬᠤ ᠶᠢᠨ ᠭᠦᠨ ᠣᠷᠤᠭᠤ ᠶᠠᠪᠣᠬᠤ ᠳᠤᠳᠤᠮ ᠬᠠᠷᠠᠩᠭ᠋ᠤᠢ ᠡᠴᠠ ᠰᠦᠷᠳᠡᠭᠡ ᠤᠤ
ᠣᠢ᠌ᠯᠠᠰ ᠤᠨ ᠰᠠᠢ᠌ᠬᠠᠨ ᠣᠯᠠᠷᠢᠯ
ᠣᠯᠳᠠᠮ᠎ᠠ ᠦᠭᠡᠶ ᠬᠤᠪᠣᠷᠬᠠᠨ ᠴᠠᠭ ᠶᠢᠡᠨ ᠦᠷᠡᠭᠡᠵᠤ
ᠠᠭᠤᠷ ᠪᠣᠭᠢᠨᠢᠳᠤᠯ ᠪᠦᠭᠦᠨ ᠶᠢᠡᠨ ᠣᠢ᠌ᠤᠠᠬᠠᠷ ᠭᠡᠳᠡᠭ᠌ ᠲᠤ ᠨᠠᠢ᠌ᠳᠠᠭᠠ ᠤᠤ
ᠣᠴᠠᠷᠠᠭᠰᠠᠨ ᠵᠠᠶᠠᠭ᠎ᠠ ᠪᠦᠭᠦᠨ ᠶᠢᠡᠨ ᠵᠢᠷᠭᠠᠯ ᠳᠤ ᠪᠣᠳᠤᠭ᠎ᠠ ᠦᠭᠡᠶ ᠶᠠᠪᠣᠭ᠎ᠠ ᠤᠤ
2010.9.11
ᠵᠤᠬᠢᠶᠠᠭᠴᠢ ᠶᠢᠨ ᠬᠠᠶᠢᠭ ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 10115
ᠴᠠᠭ᠄ 2010 ᠤᠨ ᠤ 10 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ