ᠨᠡᠪᠲᠡᠷᠡᠨ ᠤᠷᠤᠬᠤ
ᠪᠤᠯᠵᠤᠭᠠᠨ ᠳᠤ ᠶᠠᠪᠤᠭᠰᠠᠨ ᠰᠦᠨᠢ

ᠴᠠᠰᠤᠳᠠᠢ ᠡᠪᠦᠯ ᠤᠨ ᠨᠠᠮᠵᠢᠭᠤᠨ ᠰᠦᠨᠢ

ᠴᠠᠭᠠᠨ ᠳᠠᠪᠠᠯ ᠶᠢᠡᠨ ᠯᠠᠪ ᠪᠦᠰᠡᠯᠡᠭᠡᠤᠨ

ᠪᠣᠳᠤᠯ ᠰᠠᠤᠠᠭᠢᠯ ᠤᠨ ᠣᠶᠠᠭ᠎ᠠ ᠪᠣᠯᠤᠭᠰᠠᠨ

ᠪᠣᠯᠵᠤᠭᠠᠨ ᠤ ᠭᠡᠦᠭᠡᠨ ᠳᠡᠭᠡᠨ ᠵᠤᠯᠭᠠᠬᠤ ᠪᠠᠷ ᠮᠤᠷᠳᠠᠯ᠎ᠠ


ᠭᠦᠷᠵᠢᠭᠡᠨᠡᠭᠦ ᠡᠴᠡ ᠪᠢᠰᠢ ᠳᠤᠤᠭᠠᠷᠳᠠᠭ ᠦᠭᠡᠶ

ᠭᠦᠷᠡᠩ ᠠᠭᠳᠠᠨ ᠳᠠᠭᠠᠨ ᠮᠤᠷᠳᠠᠭᠠᠤᠨ ᠭᠠᠷᠤᠯ᠎ᠠ

ᠴᠠᠭᠠᠨ ᠬᠠᠭ ᠤᠨ ᠪᠠᠭᠤᠷᠢ ᠶᠢ ᠴᠢᠭ᠍ᠯᠡᠭᠡᠤᠨ

ᠴᠠᠰᠤ ᠪᠣᠳᠠᠷᠭᠠᠨ ᠰᠡᠭᠡᠯᠵᠢᠭᠦᠯᠵᠤ ᠶᠠᠪᠣᠯ᠎ᠠ


ᠬᠤᠳᠠᠴᠢ ᠨᠤᠬᠠᠢ᠌ᠳ ᠤᠨ ᠠᠨᠢᠷᠯᠠᠬᠤ ᠡᠴᠡ ᠭᠢᠴᠢᠶᠠᠵᠤ

ᠵᠠᠮ ᠤᠨ ᠠᠢ᠌ᠯ ᠡᠴᠡ ᠵᠠᠢ᠌ᠯᠠᠰᠭᠢᠵᠤ ᠶᠠᠪᠣᠯ᠎ᠠ

ᠭᠦᠮᠤᠨ ᠠᠮᠢᠳᠠᠨ ᠬᠠᠷᠭᠤᠬᠤ ᠡᠴᠡ ᠭᠢᠴᠢᠶᠠᠵᠤ

ᠭᠦᠮᠦᠭ᠌ ᠰᠤᠳᠠᠭ ᠶᠢᠡᠷ ᠳᠠᠯᠳᠠᠯᠠᠵᠤ ᠶᠠᠪᠣᠯ᠎ᠠ


ᠭᠤᠷᠪᠠᠨ ᠶ‍ᠢᠰᠤ ᠶᠢᠨ ᠳᠠᠰ ᠭᠦᠢᠳᠡᠨ ᠳᠤ

ᠣᠳᠤᠨ ᠮᠠᠴᠢᠳ ᠴᠠᠴᠠᠷᠠᠵᠤ ᠪᠠᠢ᠌ᠪᠠᠴᠤ

ᠭᠤᠷᠢᠳᠠᠯᠭ᠎ᠠ ᠡᠪᠦᠷᠯᠡᠭ᠍ᠰᠡᠨ ᠪᠣᠯᠵᠤᠭᠠᠨ ᠰᠠᠤᠠᠭᠢᠯ ᠳᠤ

ᠦᠪᠴᠢ ᠪᠠᠶ᠎ᠠ ᠨᠢᠯᠴᠢᠭᠡᠨᠡᠵᠤ ᠶᠠᠪᠣᠯ᠎ᠠ


ᠠᠢ᠌ᠯ ᠤᠨ ᠪᠠᠷ᠎ᠠ ᠣᠢ᠌ᠷᠠᠳᠤᠬᠤ ᠳᠤᠳᠤᠮ

ᠠᠶᠤᠬᠤ ᠢᠴᠢᠭᠦ ᠬᠤᠤᠰᠯᠠᠵᠤ ᠪᠠᠢ᠌ᠪᠠᠴᠤ

ᠠᠮᠢᠰᠬᠤᠭ᠎ᠠ ᠪᠠᠨ ᠬᠤᠷᠢᠶᠠᠵᠤ ᠵᠢᠷᠦᠭᠡ ᠪᠠᠨ ᠳᠠᠷᠤᠨ

ᠠᠢ᠌ᠯ ᠤᠨ ᠡᠭᠦᠳᠡᠨ ᠳᠤ ᠰᠠᠮ ᠭᠦᠷᠦᠯ᠎ᠡ


ᠬᠠᠮᠭᠢᠭᠰᠠᠨ ᠡᠪᠦᠷ ᠢ ᠡᠪᠳᠡᠢ ᠰᠡᠭᠦᠭᠦ ᠳᠤ

ᠬᠠᠯᠠᠭᠤᠨ ᠠᠮᠢᠰᠬᠤᠭ᠎ᠠ ᠬᠠᠮᠠᠷ ᠴᠤᠷᠭᠢᠵᠤ

ᠬᠠᠢ᠌ᠷ᠎ᠠ ᠪᠢᠯᠬᠠᠭᠰᠠᠨ ᠣᠴᠢ ᠬᠠᠷᠪᠣᠬᠤ ᠳᠤ

ᠬᠠᠨ ᠳᠡᠭ᠍ᠷᠢ ᠶᠢᠨ ᠣᠳᠤ ᠢᠰᠪᠠᠯᠵᠢᠯ᠎ᠠ


ᠴᠡᠴᠡᠷᠭᠢᠯᠡᠭ᠍ᠰᠡᠨ ᠠᠮᠢᠰᠬᠤᠭ᠎ᠠ ᠪᠠᠨ ᠳᠠᠷᠤᠨ ᠪᠠᠢ᠌ᠵᠤ

ᠴᠢᠭᠢ ᠴᠢᠭᠢ ᠳᠡᠭᠡᠨ ᠰᠢᠪᠠᠨᠠᠨ ᠭᠦᠭᠡᠷᠡᠭᠦ ᠳᠤ

ᠥᠩᠭᠡᠷᠡᠵᠤ ᠥᠭ᠍ᠳᠡᠭ᠌ ᠦᠭᠡᠶ ᠡᠪᠦᠯ ᠤᠨ ᠰᠦᠨᠢ

ᠦᠷ ᠴᠠᠢ᠌ᠬᠤ ᠨᠢ ᠳᠦᠷᠭᠡᠨ ᠪᠠᠢ᠌ᠯ᠎ᠠ


ᠠᠢ᠌ᠯ ᠤᠨ ᠭᠡᠦᠭᠡᠨ ᠤ ᠰᠢᠪᠠᠨᠡᠭ᠍ᠰᠡᠨ ᠥᠭᠡ ᠡᠴᠡ

ᠠᠯᠤᠰ ᠭᠡᠳᠤ ᠶᠢᠨ ᠵᠢᠷᠤᠭ ᠳᠤᠳᠤᠷᠠᠬᠤ ᠳᠤ

ᠢᠳᠡᠭᠡᠯ ᠤᠨ ᠭᠦᠨ ᠳᠤ ᠢᠨᠢᠶᠠᠳᠤ ᠪᠢᠯᠬᠠᠷᠠᠨ

ᠢᠨᠠᠭ ᠤᠨ ᠳᠠᠭᠤᠤ ᠪᠠᠨ ᠠᠶᠠᠯᠠᠵᠤ ᠪᠣᠴᠠᠯ᠎ᠠ᠃


ᠵᠤᠬᠢᠶᠠᠭᠴᠢ᠄ ᠴ·ᠴᠡᠷᠡᠩᠳᠤᠷᠵᠢ
ᠢᠷᠡᠯᠲᠡ᠄ ᠬᠦᠬᠡ‍ᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄ ᠰᠢᠯᠦᠭ
ᠳᠠᠷᠤᠮ᠄ 7658
ᠴᠠᠭ᠄ 2006 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ