☆ ᠳ᠋·ᠲᠦᠮᠡᠠᠰᠠᠩ
ᠰᠠᠷ᠎ᠠ
--- ᠨᠤᠯᠮᠠᠰᠠᠷᠠᠩ ᠤᠨ ᠳᠤᠷᠠᠰᠬᠠᠯ ᠳ᠋ᠤ
ᠣᠳᠤᠳᠠᠢ ᠰᠦᠨᠢ ᠵᠢ ᠭᠡᠭᠡᠷ᠎ᠡ ᠥᠩᠭᠡᠷᠡᠭᠡᠵᠤ
ᠣᠩᠭ᠋ᠤᠨ ᠠᠭᠤᠯᠠᠨ ᠳᠤ ᠪᠠᠨ ᠬᠤᠨᠤᠭᠰᠠᠨ ᠦᠭᠡᠶ ᠴᠤ
ᠣᠶᠠᠷᠠᠭᠤᠨ ᠳᠤᠩᠭ᠋ᠠᠯᠠᠭ ᠰᠢᠯᠦᠭ᠍ᠴᠢ ᠶᠢᠨ ᠶᠢᠡᠨ ᠰᠠᠷ᠎ᠠ ᠶᠢ
ᠣᠩᠰᠢᠵᠤ ᠣᠩᠰᠢᠭᠠᠤᠨ ᠬᠠᠷᠢᠭᠰᠠᠨ ᠡ ᠪᠢ
ᠣᠷᠭᠤᠬᠤ ᠨᠠᠷᠠᠰᠤ ᠶᠢ ᠨᠢ ᠰᠡᠳᠭᠢᠯ ᠳᠤ ᠪᠠᠨ ᠱᠤᠭᠤᠵᠤ ᠠᠪᠣᠭᠠᠤᠨ
ᠣᠨᠠᠰᠢ ᠦᠭᠡᠶ ᠭᠦᠰᠢᠶ᠎ᠡ ᠨᠢ ᠶᠤᠮ ᠭᠡᠵᠤ ᠪᠠᠳᠤ ᠰᠠᠨᠠᠭᠰᠠᠨ ᠡ
ᠨᠤᠤᠷᠠᠭ ᠰᠢᠯᠦᠭ᠌ ᠢ ᠨᠢ ᠵᠢᠷᠦᠭᠡᠨ ᠳᠤ ᠪᠠᠨ ᠳᠡᠭᠡᠵᠢᠯᠡᠭᠦ ᠳᠤ
ᠨᠢᠭᠤᠭᠳᠠᠭᠰᠠᠨ ᠰᠠᠷ᠎ᠠ ᠨᠢ ᠴᠤ
ᠨᠤᠳᠤᠭ ᠲᠤ ᠮᠢᠨᠢ ᠢᠷᠠᠨ᠎ᠠ
ᠨᠤᠮ ᠢ ᠮᠢᠨᠢ᠂ ᠰᠠᠷ᠎ᠠ ᠶᠢ ᠮᠢᠨᠢ ᠳᠠᠨᠤᠰ
ᠨᠤᠬᠤᠴᠢᠵᠤ ᠊ᠭ᠍ᠬᠢᠷᠳᠦᠭᠡᠯ ᠦᠭᠡᠶ ᠠᠪᠴᠤ ᠶᠠᠪᠣᠭᠠᠷᠠᠢ ᠭᠡᠵᠤ
ᠨᠠᠢ᠌ᠷᠠᠭᠴᠢ ᠮᠢᠨᠢ ᠵᠡᠭᠦᠳᠤᠨ ᠳᠤ ᠬᠠᠢ᠌ᠯᠠᠨᠠ᠃
ᠵᠤᠬᠢᠶᠠᠭᠴᠢ᠄ ᠳ᠋·ᠲᠦᠮᠡᠠᠰᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2008 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ