☆ ᠪᠦᠭᠡᠵᠢᠷᠭᠠᠯ
ᠰᠠᠷ᠎ᠠ ᠰᠢᠨ᠎ᠠ ᠳ᠋ᠠᠭᠢ ᠮᠤᠩᠭ᠋ᠤᠯ ᠤᠨ ᠰᠠᠢ᠌ᠬᠠᠨ
ᠳᠤᠶᠠᠭᠠᠷᠠᠬᠤ ᠦᠷ ᠶᠢᠡᠷ ᠭᠠᠯ ᠶᠢᠡᠨ ᠳᠦᠷᠡᠯᠵᠡᠭᠦᠯᠵᠤ
ᠳᠡᠭ᠍ᠷᠢ ᠳᠡᠭᠡᠨ ᠮᠥᠷᠭᠦᠭᠦ ᠶᠤᠰᠤ ᠰᠠᠢ᠌ᠬᠠᠨ
ᠳᠤᠷᠭᠠᠨ ᠴᠠᠭᠠᠨ ᠬᠠᠳᠠᠭ ᠨᠠᠮᠢᠷᠠᠭᠤᠯᠵᠤ
ᠭᠦᠮᠤᠨ ᠠᠷᠠᠤᠨ ᠶᠢᠡᠷ ᠶᠢᠡᠨ ᠵᠤᠯᠭᠠᠯᠴᠠᠬᠤ ᠰᠠᠢ᠌ᠬᠠᠨ
ᠳᠤᠮᠤᠭᠠᠳᠠᠤᠨ ᠬᠤᠭᠤᠷᠤᠠᠳᠤ ᠪᠠᠨ ᠮᠠᠠᠳᠤ ᠮᠠᠳᠠᠯᠴᠠᠵᠤ
ᠭᠦᠭᠦᠷ ᠳᠠᠮᠠᠭᠢ ᠪᠠᠨ ᠵᠥᠷᠢᠭᠦᠯᠭᠦ ᠰᠠᠢ᠌ᠬᠠᠨ
ᠳᠤᠭᠤᠨᠤᠳᠤ ᠥᠷᠦᠭᠡᠨ ᠤ ᠽᠠᠠᠳᠠᠨ ᠰᠢᠷᠡᠭᠡᠨ ᠳᠤ
ᠰᠢᠨ᠎ᠠ ᠶᠢᠨ ᠪᠠᠶᠠᠷ ᠤᠨ ᠨᠠᠢ᠌ᠷ ᠰᠠᠢ᠌ᠬᠠᠨ
ᠰᠠᠢ᠌ᠬᠠᠨ ᠯᠠ ᠶᠤᠮ ᠳ᠋ᠠ᠂ ᠰᠠᠢ᠌ᠬᠠᠨ ᠯᠠ ᠶᠤᠮ
ᠰᠠᠷ᠎ᠠ ᠰᠢᠨ᠎ᠠ ᠳ᠋ᠠᠭᠢ ᠮᠤᠩᠭ᠋ᠤᠯ ᠤᠨ ᠰᠠᠢ᠌ᠬᠠᠨ ᠡ
ᠪᠠᠶᠠᠷ ᠤᠨ ᠮᠠᠩᠨᠠᠢ᠌ᠳᠤ ᠪᠣᠭᠤᠷᠤᠯ ᠠᠪᠣ ᠶᠢᠨ
ᠠᠷᠢᠭᠢ ᠢᠳᠠᠮᠯᠠᠭᠰᠠᠨ ᠢᠷᠦᠭᠡᠯ ᠰᠠᠢ᠌ᠬᠠᠨ
ᠪᠠᠬᠠᠳᠤᠯᠳᠤ ᠴᠢᠷᠠᠢ ᠲᠡᠶ ᠮᠤᠩᠭ᠋ᠤᠯ ᠡᠵᠢ ᠶᠢᠨ
ᠬᠤᠪᠢ ᠱᠠᠩᠨᠠᠭᠰᠠᠨ ᠵᠦᠩᠨᠠᠯ ᠰᠠᠢ᠌ᠬᠠᠨ
ᠪᠠᠶᠠᠷᠬᠠᠵᠤ ᠭᠦᠯᠢᠶᠡᠨ ᠨᠠᠰᠤ ᠨᠡᠮᠡᠭᠦᠯᠦᠭ᠍ᠰᠡᠨ
ᠬᠡᠦᠬᠡᠳ ᠪᠠᠭᠠᠴᠤᠳ ᠤᠨ ᠵᠤᠷᠢᠭᠵᠢᠯ ᠰᠠᠢ᠌ᠬᠠᠨ
ᠪᠠᠬᠠᠳᠤᠯ ᠶᠢᠡᠷ ᠳᠦᠭᠦᠷᠡᠩ ᠠᠮᠢᠳᠤᠷᠠᠯ ᠪᠣᠰᠬᠠᠭᠰᠠᠨ
ᠠᠢ᠌ᠯ ᠡᠷᠦᠭᠡ ᠶᠢᠨ ᠵᠢᠷᠭᠠᠯ ᠰᠠᠢ᠌ᠬᠠᠨ
ᠰᠠᠢ᠌ᠬᠠᠨ ᠯᠠ ᠶᠤᠮ ᠳ᠋ᠠ᠂ ᠰᠠᠢ᠌ᠬᠠᠨ ᠯᠠ ᠶᠤᠮ
ᠰᠠᠷ᠎ᠠ ᠰᠢᠨ᠎ᠠ ᠳ᠋ᠠᠭᠢ ᠮᠤᠩᠭ᠋ᠤᠯ ᠤᠨ ᠰᠠᠢ᠌ᠬᠠᠨ ᠡ
ᠵᠢᠭᠠᠯ ᠶᠡᠭᠡᠰ ᠦᠭᠡᠶ ᠭᠤᠶᠤᠭᠠᠤᠨ ᠰᠢᠨᠡᠯᠡᠭᠦ ᠳᠤ
ᠳᠡᠷᠯᠢᠭ᠌ ᠳᠠᠪᠠᠯ ᠤᠨ ᠵᠠᠰᠠᠯ ᠰᠠᠢ᠌ᠬᠠᠨ
ᠵᠥᠭᠡᠭᠡᠢ ᠦᠷᠦᠮ᠎ᠡ ᠳᠠᠷᠠᠭ ᠠᠢ᠌ᠷᠠᠭ᠁
ᠦᠪᠡᠷᠮᠢᠴᠠ ᠣᠠᠴᠠᠯᠢᠭᠳᠤ ᠢᠳᠡᠭᠡᠨ ᠰᠠᠢ᠌ᠬᠠᠨ
ᠵᠠᠯᠠᠨ ᠳᠤ ᠣᠶᠠᠭᠠᠳᠠᠢ ᠭᠦᠯᠦᠭ᠌ ᠤᠨ ᠨᠢᠷᠤᠭᠤᠨ ᠳᠤ
ᠮᠥᠩᠭᠦᠨ ᠡᠮᠡᠭᠡᠯ ᠭᠢᠯᠠᠯᠵᠠᠭᠠᠤᠨ ᠰᠠᠢ᠌ᠬᠠᠨ
ᠵᠢᠷᠤᠬᠠᠢ ᠳᠤ ᠵᠢᠭᠠᠭᠰᠠᠨ ᠦᠯᠵᠡᠢ᠌ᠳᠤ ᠵᠥᠭ᠌ ᠲᠤ
ᠰᠢᠨ᠎ᠠ ᠶᠢᠨ ᠨᠢᠭᠡᠨ ᠤ ᠮᠦᠷ ᠰᠠᠢ᠌ᠬᠠᠨ
ᠰᠠᠢ᠌ᠬᠠᠨ ᠯᠠ ᠶᠤᠮ ᠳ᠋ᠠ᠂ ᠰᠠᠢ᠌ᠬᠠᠨ ᠯᠠ ᠶᠤᠮ
ᠰᠠᠷ᠎ᠠ ᠰᠢᠨ᠎ᠠ ᠳ᠋ᠠᠭᠢ ᠮᠤᠩᠭ᠋ᠤᠯ ᠤᠨ ᠰᠠᠢ᠌ᠬᠠᠨ ᠡ
ᠮᠤᠷᠢᠨ ᠬᠤᠭᠤᠷ ᠲᠡᠶ ᠭᠦᠭ᠌ ᠨᠡᠢ᠌ᠯᠡᠭ᠍ᠰᠡᠨ
ᠣᠷᠳᠤ ᠶᠢᠨ ᠳᠠᠭᠤᠨ ᠤ ᠡᠭᠡᠰᠢᠭ᠌ ᠰᠠᠢ᠌ᠬᠠᠨ
ᠮᠥᠩᠭᠦᠨ ᠴᠠᠰᠤᠳᠤ ᠠᠷᠤ ᠭᠦᠳᠡᠭᠡ ᠳᠤ
ᠰᠢᠨ᠎ᠠ ᠳᠦᠯ ᠤᠨ ᠳᠠᠭᠤᠨ ᠰᠠᠢ᠌ᠬᠠᠨ
ᠮᠠᠯᠴᠢᠨ ᠪᠦᠰᠡᠭᠦᠢ ᠶᠢᠨ ᠠᠵᠢᠯᠴᠢ ᠭᠠᠷ ᠳᠤ
ᠰᠢᠨ᠎ᠠ ᠰᠠᠭᠠᠯᠢ ᠶᠢᠨ ᠳᠡᠭᠡᠵᠢ ᠰᠠᠢ᠌ᠬᠠᠨ
ᠮᠠᠯ ᠤᠨ ᠰᠢᠨ᠎ᠠ ᠶᠢᠨ ᠦᠯᠵᠡᠢ᠌ᠳᠤ ᠨᠠᠢ᠌ᠷ ᠲᠤ
ᠭᠤᠷᠪᠠᠨ ᠨᠠᠭᠠᠳᠤᠮ ᠤᠨ ᠭᠦᠭ᠍ᠵᠢᠶᠡᠨ ᠰᠠᠢ᠌ᠬᠠᠨ
ᠰᠠᠢ᠌ᠬᠠᠨ ᠯᠠ ᠶᠤᠮ ᠳ᠋ᠠ᠂ ᠰᠠᠢ᠌ᠬᠠᠨ ᠯᠠ ᠶᠤᠮ
ᠰᠠᠷ᠎ᠠ ᠰᠢᠨ᠎ᠠ ᠳ᠋ᠠᠭᠢ ᠮᠤᠩᠭ᠋ᠤᠯ ᠤᠨ ᠰᠠᠢ᠌ᠬᠠᠨ ᠡ
ᠵᠤᠬᠢᠶᠠᠭᠴᠢ ᠶᠢᠨ ᠬᠠᠶᠢᠭ ᠄ ᠣᠯᠠᠭᠠᠠᠬᠠᠳᠠ ᠬᠤᠳᠠ ᠶᠢᠨ ᠭᠡᠰᠢᠭ᠍ᠳᠡᠨ ᠬᠤᠰᠢᠭᠤᠨ ᠤ ᠪᠢᠷᠠᠭᠤ ᠳ᠋ᠠᠭᠢ ᠮᠤᠩᠭ᠋ᠤᠯ ᠳᠤᠮᠳᠠᠳᠤ ᠰᠤᠷᠭᠠᠭᠤᠯᠢ
ᠵᠤᠬᠢᠶᠠᠭᠴᠢ᠄ ᠪᠦᠭᠡᠵᠢᠷᠭᠠᠯ
ᠢᠷᠡᠯᠲᠡ᠄ ᠵᠤᠬᠢᠶᠠᠭᠴᠢ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 01 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ