☆ ᠣᠷᠠᠩᠬᠤᠸᠠᠷ
ᠰᠢᠯᠦᠭᠯᠡᠭᠡᠷᠡᠢ
ᠭᠦᠷ ᠴᠠᠰᠤ ᠬᠠᠢ᠌ᠯᠬᠤ ᠦᠭᠡᠶ ᠶᠤᠮ ᠪᠣᠯ
ᠭᠦᠪᠴᠢᠨ ᠳᠡᠯᠡᠭᠡᠢ ᠰᠢᠮ᠎ᠠ ᠪᠠᠷ ᠳᠤᠳᠠᠨ᠎ᠠ
ᠭᠡᠭᠡᠮᠰᠦᠭ᠌ ᠵᠠᠯᠠᠭᠤ ᠴᠢ ᠰᠢᠯᠦᠭᠯᠡᠭᠦ ᠦᠭᠡᠶ ᠶᠤᠮ ᠪᠣᠯ
ᠭᠡᠭᠡᠡᠴᠢᠷ ᠵᠢᠷᠤᠭ ᠮᠢᠨᠢ ᠥᠩᠭᠡ ᠪᠠᠷ ᠳᠤᠳᠠᠨ᠎ᠠ
ᠭᠦᠮᠦᠵᠢᠯ ᠥᠯᠢᠭᠡᠷ ᠶᠠᠷᠢᠬᠤ ᠦᠭᠡᠶ ᠶᠤᠮ ᠪᠣᠯ
ᠭᠡᠦᠭᠡᠰ ᠨᠠᠰᠤ ᠣᠬᠠᠭᠠᠨ ᠶᠢᠠᠷ ᠳᠤᠳᠠᠨ᠎ᠠ
ᠭᠡᠴᠢᠶᠡᠯ ᠪᠦᠷᠢᠨ ᠴᠢ ᠰᠢᠯᠦᠭᠯᠡᠭᠦ ᠦᠭᠡᠶ ᠶᠤᠮ ᠪᠣᠯ
ᠭᠦᠷᠯᠦᠭ᠌ ᠮᠤᠩᠭ᠋ᠤᠯ ᠮᠢᠨᠢ ᠴᠠᠴᠠ ᠪᠠᠷ ᠳᠤᠳᠠᠨ᠎ᠠ
ᠡᠭᠡ ᠨᠢ ᠦᠷ᠎ᠡ ᠪᠠᠨ ᠪᠦᠪᠠᠢ᠌ᠯᠡᠭᠦ ᠦᠭᠡᠶ ᠶᠤᠮ ᠪᠣᠯ
ᠡᠪᠯᠢᠭ᠌ ᠠᠮᠢᠳᠤᠷᠠᠯ ᠬᠠᠢ᠌ᠷ᠎ᠠ ᠪᠠᠷ ᠳᠤᠳᠠᠨ᠎ᠠ
ᠡᠵᠡᠨ ᠨᠢ ᠴᠢ ᠰᠢᠯᠦᠭᠯᠡᠭᠦ ᠦᠭᠡᠶ ᠶᠤᠮ ᠪᠣᠯ
ᠡᠭᠡ ᠨᠤᠳᠤᠭ ᠮᠢᠨᠢ ᠣᠶᠠᠩᠭ᠋᠎ᠠ ᠪᠠᠷ ᠳᠤᠳᠠᠨ᠎ᠠ
ᠰᠢᠯᠦᠭᠯᠡᠭᠡᠷᠡᠢ︕
ᠦᠶᠡᠷᠳᠤ ᠳ᠋ᠠᠩ ᠤᠨ ᠭᠤᠤᠯ ᠰᠢᠭ ᠶᠢᠡᠨ
ᠦᠶ᠎ᠡ ᠦᠶ᠎ᠡ ᠶᠢ ᠳᠠᠪᠠᠨ ᠰᠢᠯᠦᠭᠯᠡᠭᠡᠷᠡᠢ
ᠡᠯᠡᠭ᠍ᠰᠡᠨ ᠳᠡᠦᠭᠡ ᠶᠢ ᠰᠠᠮᠠᠷᠠᠨ ᠰᠠᠮᠠᠷᠠᠨ
ᠡᠵᠡᠨ ᠰᠢᠷᠡᠭᠡᠨ ᠳᠤ ᠠᠯᠬᠤᠳᠠᠯᠠ ᠪᠠᠨ ᠰᠢᠯᠦᠭᠯᠡᠭᠡᠷᠡᠢ︕
ᠵᠤᠬᠢᠶᠠᠭᠴᠢ᠄ ᠣᠷᠠᠩᠬᠤᠸᠠᠷ
ᠢᠷᠡᠯᠲᠡ᠄ 《ᠳᠠᠠᠴᠢᠨ》 ᠵᠤᠬᠢᠶᠠᠯᠴᠢᠳ ᠤᠨ ᠬᠤᠯᠪᠣᠭ᠎ᠠ
ᠬᠠᠷᠢᠶ᠎ᠠ᠄
ᠰᠢᠯᠦᠭᠳᠠᠷᠤᠮ᠄ 3852
ᠴᠠᠭ᠄ 2008 ᠤᠨ ᠤ 04 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ