☆ ᠸ·ᠠᠭᠤᠯᠠ
ᠭᠦᠭᠡ ᠮᠤᠷᠢᠨ ᠵᠢᠯ ᠤᠨ ᠢᠷᠦᠭᠡᠯ
ᠵᠧ ︕ ᠡᠩᠬᠡ ᠰᠠᠢ᠌ᠬᠠᠨ ᠠᠮᠤᠭᠤᠯᠠᠩ ᠪᠣᠯᠳᠤᠭᠠᠢ ︕
ᠦᠯᠵᠡᠢ᠌ᠳᠤ ᠰᠠᠢ᠌ᠬᠠᠨ ᠵᠢᠷᠭᠠᠯᠠᠩ ᠪᠣᠯᠳᠤᠭᠠᠢ ︕
ᠴᠢᠩᠭᠢᠰ ᠣᠳᠤᠮ ᠤᠨ ᠵᠠᠩᠰᠢᠯ ᠵᠢᠠᠷ
ᠴᠠᠭ ᠤᠨ ᠭᠦᠷᠳᠤ ᠶᠢᠨ ᠳᠤᠭᠠᠯᠠᠯ ᠵᠢᠠᠷ
ᠪᠣᠷᠬᠠᠨ ᠳᠡᠭ᠍ᠷᠢ ᠶᠢᠨ ᠠᠪᠣᠷᠠᠯ ᠵᠢᠠᠷ
ᠪᠣᠭᠤᠷᠤᠯ ᠳᠡᠭᠡᠳᠦᠰ ᠤᠨ ᠢᠪᠠᠭᠡᠯ ᠵᠢᠠᠷ
ᠰᠠᠷᠠᠨ ᠤ ᠵᠢᠮ᠎ᠠ ᠶᠢᠨ ᠡᠷᠭᠢᠯᠳᠡ ᠪᠠᠷ
ᠰᠠᠭᠠᠳᠠᠯ ᠦᠭᠡᠶ ᠣᠯᠠᠷᠢᠯ ᠵᠢᠠᠷ
ᠬᠤᠪᠢᠷᠠᠰᠢ ᠦᠭᠡᠶ ᠣᠯᠠᠮᠵᠢᠯᠠᠯ ᠵᠢᠠᠷ
ᠭᠦᠮᠤᠨ ᠳᠦᠷᠤᠯᠭᠢᠳᠠᠨ ᠪᠦᠭᠦᠨ ᠤ
ᠬᠤᠳᠤᠭ ᠨᠠᠰᠤ ᠨᠡᠮᠡᠭ᠍ᠳᠡᠭ᠍ᠰᠡᠨ
ᠠᠯᠢ ᠰᠠᠢ᠌ᠨ ᠦᠯᠵᠡᠢ ᠪᠠᠯᠭᠡ ᠳᠠᠢ
ᠠᠰᠤᠷᠤ ᠥᠭᠡᠳᠡ ᠲᠡᠶ ᠰᠠᠷ᠎ᠠ ᠰᠢᠨ᠎ᠠ ᠳ᠋ᠡᠭᠡᠨ
ᠠᠷᠢᠭᠤᠨ ᠴᠠᠭᠠᠨ ᠬᠠᠳᠠᠭ ᠵᠢᠠᠨ
ᠭᠦᠮᠤᠨ ᠪᠦᠭᠦᠨ ᠪᠠᠷᠢᠯᠴᠠᠭᠠᠤᠨ
ᠬᠤᠷᠴᠢᠨ ᠮᠤᠩᠭ᠋ᠤᠯ ᠤᠨ ᠵᠠᠩᠰᠢᠯ ᠵᠢᠠᠷ
ᠭᠦᠭᠡ ᠮᠤᠷᠢᠨ ᠵᠢᠯ ᠶᠢᠡᠨ ᠣᠭᠳᠤᠬᠤ ᠳ᠋ᠠᠭᠠᠨ
ᠬᠠᠪᠣᠳᠤ ᠬᠠᠰᠠᠷ ᠤᠨ ᠬᠠᠢ᠌ᠷᠠᠯᠠᠭᠰᠠᠨ ᠨᠤᠳᠤᠭ
ᠬᠤᠷᠴᠢᠨ ᠤ ᠭᠦᠢᠰᠤ ᠳᠦᠡᠭᠯᠢᠶᠦᠤ ᠡᠴᠡ
ᠦᠨᠳᠦᠰᠦᠳᠠᠨ ᠶᠠᠰᠤᠳᠠᠨ ᠤ ᠳᠠᠳᠬᠠᠯ ᠵᠢᠠᠷ
ᠦᠯᠵᠡᠢ᠌ᠳᠤ ᠮᠠᠭᠳᠠᠭᠠᠯ ᠶᠢᠡᠨ ᠳᠡᠪᠰᠢᠭᠦᠯᠦᠶ᠎ᠡ ︕
ᠵᠧ ︕ ᠬᠤᠷᠴᠢᠨ ᠤ ᠠᠷᠢᠭᠤᠨ ᠳᠡᠦᠭᠡᠨ ᠳ᠋ᠡᠭᠡᠨ
ᠬᠤᠪᠣᠷ ᠰᠤᠳᠤᠷ ᠤᠨ ᠠᠯᠳᠠᠷ ᠳᠠᠢ
ᠡᠷᠴᠢᠯᠡᠨ ᠣᠷᠤᠭᠰᠢᠯᠠᠬᠤ ᠵᠠᠮ ᠳ᠋ᠠᠭᠠᠨ
ᠠᠯᠢᠪᠠ ᠶᠢ ᠳᠤᠭᠤᠯᠬᠤ ᠰᠦᠰᠦ ᠳᠠᠢ
ᠦᠷᠭᠡᠨ ᠠᠭᠤᠳᠠᠮ ᠨᠤᠳᠤᠭ ᠳᠠᠭᠠᠨ
ᠥᠩᠭᠡ ᠶᠢᠨ ᠴᠡᠴᠡᠭ᠌ ᠤᠨ ᠮᠢᠷᠠᠯᠵᠠᠭᠠᠨ ᠳᠠᠢ
ᠦᠯᠡᠮᠵᠢ ᠶᠢᠨ ᠳᠡᠭ᠍ᠷᠢ ᠶᠢᠨ ᠬᠠᠩᠭ᠋ᠠᠢ ᠳ᠋ᠠᠭᠠᠨ
ᠣᠯᠠᠭᠠᠨ ᠥᠭᠡᠷ ᠤᠨ ᠦᠷᠠᠵᠢᠯ ᠳᠠᠢ
ᠪᠠᠶᠠᠨ ᠳᠠᠩᠰᠤᠭ ᠬᠠᠢ᠌ᠷᠬᠠᠨ ᠳ᠋ᠠᠭᠠᠨ
ᠪᠣᠮᠠᠨ ᠭᠦᠯᠦᠭ᠌ ᠤᠨ ᠳᠤᠭᠯᠠᠭᠠᠨ ᠳᠠᠢ
ᠪᠠᠢ᠌ᠭᠠᠯᠢ ᠳᠡᠯᠡᠭᠡᠢ ᠶᠢᠨ ᠭᠦᠢᠰᠤᠨ ᠳ᠋ᠡᠭᠡᠨ
ᠴᠥᠩᠭᠦᠯ ᠤᠨ ᠰᠠᠢ᠌ᠬᠠᠨ ᠡᠷᠳᠡᠨᠢ ᠶᠢᠨ ᠭᠤᠤ ᠳᠠᠢ
ᠮᠤᠩᠭ᠋ᠤᠯ ᠵᠠᠩᠰᠢᠯ ᠤᠨ ᠨᠠᠢ᠌ᠷ ᠳᠠᠭᠠᠨ
ᠢᠷᠠᠭᠤ ᠸᠠᠩ ᠤᠨ ᠴᠤᠯᠠ ᠳᠠᠢ
ᠭᠠᠯᠪᠠ ᠶᠢᠨ ᠳᠡᠦᠭᠡᠨ ᠬᠠᠭᠤᠳᠠᠰᠤᠨ ᠳ᠋ᠤ
ᠭᠠᠳᠠ ᠮᠠᠢ᠌ᠷᠠᠨ ᠤ ᠥᠯᠢᠭᠡᠷ ᠳᠠᠢ
ᠮᠠᠭᠳᠠᠭᠠᠯ ᠨᠠᠢ᠌ᠷ ᠤᠨ ᠭᠦᠭ᠍ᠵᠢᠶᠡᠨ ᠳ᠋ᠡᠭᠡᠨ
ᠮᠢᠩᠭ᠋ᠠᠨ ᠬᠤᠭᠤᠷ ᠤᠨ ᠴᠤᠤᠷᠢᠶᠠᠨ ᠳᠠᠢ
ᠪᠠᠳᠠᠷᠠᠯ ᠭᠦᠭ᠍ᠵᠢᠯ ᠤᠨ ᠣᠢ᠌ᠯᠠᠰ ᠳᠡᠭᠡᠨ
ᠪᠣᠮᠠᠨ ᠬᠤᠷᠤᠢ ᠶᠢᠨ ᠭᠡᠢ᠌ᠮᠦᠷᠢ ᠳᠠᠢ
ᠰᠠᠪᠠ ᠰᠠᠭᠤᠯᠭ᠎ᠠ ᠨᠢ ᠪᠢᠯᠬᠠᠷᠠᠭᠰᠠᠨ
ᠰᠠᠭᠠᠯᠢ ᠰᠦ᠋ ᠶᠢᠨ ᠭᠦᠷᠦᠩᠭᠡ ᠳᠠᠢ
ᠰᠠᠶ᠎ᠠ ᠲᠦᠮᠡᠨ ᠨᠢ ᠵᠢᠷᠭᠠᠭᠰᠠᠨ
ᠰᠠᠢ᠌ᠨ ᠮᠠᠠᠳᠤ ᠶᠢᠨ ᠭᠡᠰᠢᠭ᠌ ᠳᠠᠢ
ᠵᠧ ︕ ᠣᠷᠭᠤᠬᠤ ᠨᠠᠷᠠᠨ ᠤ ᠮᠥᠩᠭᠦᠨ ᠰᠠᠴᠤᠷᠠᠯ ᠳ᠋ᠠᠭᠠᠨ
ᠤᠳᠪᠠᠯᠠ ᠴᠡᠴᠡᠭ᠌ ᠤᠨ ᠭᠠᠩᠭ᠋ᠠᠩ ᠮᠦᠰᠢᠶᠠᠯ ᠳᠠᠢ
ᠠᠭᠤᠳᠠᠮ ᠣᠭᠳᠠᠷᠭᠤᠢ ᠶᠢᠨ ᠴᠡᠩᠭᠡᠭ᠌ ᠠᠮᠢᠰᠬᠤᠯ ᠳ᠋ᠠᠭᠠᠨ
ᠣᠷᠠᠨ ᠰᠢᠪᠠᠭᠤᠳ ᠤᠨ ᠡᠭᠡᠰᠢᠭ᠌ ᠳᠠᠢ
ᠠᠠᠳᠠᠢ ᠪᠦᠵᠢᠭ᠌ ᠤᠨ ᠳᠤᠭᠯᠠᠭᠠᠮ ᠳ᠋ᠠᠭᠠᠨ
ᠠᠷᠠᠤᠨ ᠢᠷᠭᠡᠳ ᠤᠨ ᠪᠠᠶᠠᠷ ᠤᠨ ᠮᠠᠩᠨᠠᠢ ᠳᠠᠢ
ᠠᠶᠠᠯᠭᠤ ᠳᠠᠭᠤᠨ ᠤ ᠬᠠᠩᠭᠢᠨᠠᠮ᠎ᠠ ᠣᠷᠢᠶᠠᠨ ᠳ᠋ᠠᠭᠠᠨ
ᠠᠪᠣᠷᠭᠤ ᠴᠠᠭᠠᠨ ᠪᠠᠷᠰ ᠤᠨ ᠨᠠᠮᠪᠠᠭ᠎ᠠ ᠳᠠᠢ
ᠠᠯᠢᠶ᠎ᠠ ᠭᠦᠭᠡᠷᠦᠭᠦᠨ ᠳᠡᠭᠦᠤ ᠨᠡᠷ ᠤᠨ
ᠠᠯᠴᠢᠭᠤᠷ ᠶᠢᠡᠨ ᠰᠠᠵᠢᠭᠠᠤᠨ ᠪᠦᠵᠢᠭᠯᠡᠭᠡᠨ ᠳᠠᠢ
ᠬᠤᠷᠳᠤᠨ ᠭᠦᠭ᠍ᠵᠢᠯ ᠤᠨ ᠲᠦᠮᠡᠨ ᠳᠠᠪᠰᠢᠯᠳᠠ ᠪᠠᠷ
ᠬᠤᠷᠴᠢᠨ ᠳᠠᠶᠠᠭᠠᠷ ᠪᠠᠶᠠᠷ ᠴᠡᠩᠭᠡᠯ ᠳᠠᠢ
ᠬᠤᠷᠠᠨ ᠢᠷᠡᠭ᠍ᠰᠡᠨ ᠰᠠᠢ᠌ᠬᠠᠨ ᠣᠴᠠᠷᠠᠯ ᠵᠢᠠᠷ
ᠬᠤᠷᠴᠢᠨ ᠲᠦᠮᠡᠨ ᠪᠣᠶᠠᠨ ᠭᠡᠰᠢᠭ᠌ ᠳᠠᠢ
ᠵᠧ ︕ ᠡᠩᠬᠡ ᠰᠠᠢ᠌ᠨ ᠠᠮᠤᠭᠤᠯᠠᠩ ᠪᠣᠯᠳᠤᠭᠠᠢ ︕
ᠡᠭᠦᠷᠢᠳᠡ ᠪᠠᠨ ᠵᠢᠷᠭᠠᠯᠠᠩ ᠪᠣᠯᠳᠤᠭᠠᠢ ︕
ᠠᠮᠳᠠ ᠰᠢᠮ᠎ᠠ ᠨᠢ ᠪᠦᠷᠢᠯᠳᠦᠭ᠍ᠰᠡᠨ
ᠠᠷᠵᠠ ᠰᠠᠷᠬᠤᠤᠨ ᠶᠢᠡᠨ ᠰᠥᠩᠨᠡᠭᠡᠳ
ᠡᠷᠭᠢᠮ ᠣᠯᠠᠨ ᠳᠠ ᠨᠡᠷ ᠳᠠᠭᠠᠨ
ᠢᠷᠦᠭᠡᠯ ᠮᠠᠠᠳᠤᠴᠢᠯᠠᠯ ᠳᠡᠪᠰᠢᠭᠦᠯᠦᠶ᠎ᠡ ︕
ᠳᠦᠷᠤ ᠭᠦᠷᠤᠨ ᠤ ᠣᠢ᠌ᠯᠠᠰ ᠪᠦᠭᠦᠨ
ᠲᠦᠪᠰᠢᠨ ᠰᠠᠢ᠌ᠨ ᠶᠢᠡᠷ ' ᠮᠠᠠᠳᠤᠭ ︕
ᠳᠡᠦᠭᠡ ᠶᠢᠨ ᠠᠷᠢᠭᠤᠨ ᠣᠯᠠᠮᠵᠢᠯᠠᠯ
ᠲᠦᠮᠡᠨ ᠦᠶ᠎ᠡ ᠳᠡᠭᠡᠨ ᠮᠥᠩᠭᠡᠷᠡᠭ᠌ ︕
ᠳᠦᠭᠡᠮᠡᠯ ᠶᠡᠭᠡ ᠪᠣᠶᠠᠨ ᠭᠡᠰᠢᠭ᠌
ᠳᠦᠭᠡᠷᠢᠯ ᠦᠭᠡᠶ ᠴᠤᠭᠯᠠᠷᠠᠭ ︕
ᠳᠦᠷᠤᠯ ᠪᠦᠷᠢ ᠶᠢᠨ ᠠᠵᠢᠯ ᠣᠢ᠌ᠯᠠᠰ
ᠳᠦᠷᠭᠡᠨ ᠰᠠᠢ᠌ᠨ ᠶᠢᠡᠷ ᠪᠦᠳᠦᠭ᠌ ︕
ᠲᠥᠪ ᠤᠨ ᠣᠷᠳᠤᠨ ᠤ ᠳᠡᠷᠢᠭᠦᠯᠡᠭ᠍ᠴᠢ
ᠲᠦᠮᠡᠨ ᠣᠨ ᠶᠢᠡᠷ ᠪᠠᠳᠤᠯᠠᠭ ︕
ᠳᠦᠷᠤ ᠶᠢᠨ ᠡᠵᠡᠳ ᠠᠷᠠᠤᠨ ᠨᠢ
ᠲᠦᠪᠰᠢᠨ ᠪᠦᠯᠭᠦᠮᠳᠡᠯ ᠶᠢᠡᠷ ᠵᠢᠷᠭᠠᠭ ︕
ᠳᠡᠯᠡᠭᠡᠢ ᠳ᠋ᠠᠭᠢᠨ ᠪᠦᠭᠦᠨ ᠶᠢᠡᠷ ᠵᠢᠠᠨ
ᠳᠡᠭᠦᠰ ᠨᠠᠢ᠌ᠷᠠᠮᠳᠠᠯ ᠢ ᠭᠦᠷᠢᠶᠡᠯᠡᠭ᠌ ︕
ᠳᠡᠷᠰᠯᠡᠭᠦᠤ ᠡᠳᠡᠭᠡᠳ ᠪᠦᠭᠦᠨ ᠨᠢ
ᠳᠠᠷᠠ ᠣᠷᠤᠨ ᠳᠠᠭᠠᠨ ᠣᠰᠠᠳᠤᠭ ︕
ᠳᠠᠪᠤᠨ ᠬᠤᠰᠢᠭᠤ ᠮᠠᠯ ᠤᠳ ᠨᠢ
ᠳᠠᠯ᠎ᠠ ᠳᠦᠭᠦᠷᠡᠩ ᠪᠠᠯᠴᠢᠭᠡᠷᠯᠢᠭ᠌ ︕
ᠳᠠᠪᠤᠨ ᠳᠠᠷᠢᠶᠠᠨ ᠦᠷ᠎ᠡ ᠨᠢ
ᠰᠠᠩ ᠳᠦᠭᠦᠷᠡᠩ ᠪᠣᠯᠤᠭ ︕
ᠳᠠᠪᠰᠢᠯᠳᠠ ᠰᠠᠢ᠌ᠳᠠᠢ ᠭᠦᠳᠡᠯᠮᠦᠷᠢ ᠨᠢ
ᠳᠡᠭᠦᠰ ᠠᠮᠵᠢᠯᠳᠠ ᠪᠠᠷ ᠪᠠᠶᠡᠯᠡᠭ᠍ᠳᠡᠭ᠌ ︕
ᠵᠧ ︕ ᠣᠸᠮ ᠰᠠᠢ᠌ᠨ ᠠᠮᠤᠭᠤᠯᠠᠩ ᠪᠣᠯᠳᠤᠭᠠᠢ ︕
ᠣᠴᠠᠷᠠᠭᠰᠠᠨ ᠪᠦᠭᠦᠨ ᠵᠢᠷᠭᠠᠯᠠᠩ ᠪᠣᠯᠳᠤᠭᠠᠢ ︕
ᠠᠳᠤᠭᠤ ᠮᠠᠯ ᠶᠢᠡᠨ ᠳᠠᠯ᠎ᠠ ᠪᠠᠷ ᠪᠠᠯᠴᠢᠭᠡᠷᠯᠡᠭᠦᠯᠦᠭ᠍ᠰᠡᠨ
ᠠᠴᠢᠷ ᠦᠷ᠎ᠡ ᠪᠠᠷ ᠭᠡᠷ ᠶᠢᠡᠨ ᠪᠠᠶᠠᠰᠬᠠᠭᠰᠠᠨ
ᠠᠷᠢᠭᠤᠨ ᠰᠡᠳᠭᠢᠯ ᠶᠢᠡᠷ ᠴᠡᠭᠡᠵᠢ ᠪᠠᠨ ᠪᠢᠯᠬᠠᠭᠤᠯᠤᠭᠰᠠᠨ
ᠡᠷᠳᠡᠮ ᠨᠤᠮ ᠶᠢᠡᠷ ᠣᠶᠤᠨ ᠶᠢᠡᠨ ᠵᠡᠪᠰᠡᠭᠯᠡᠭ᠍ᠰᠡᠨ
ᠠᠯᠳᠠ ᠮᠥᠩᠭᠦ ᠪᠠᠷ ᠠᠪᠳᠠᠷ᠎ᠠ ᠪᠠᠨ ᠭᠡᠷᠡᠯᠳᠦᠭᠦᠯᠦᠭ᠍ᠰᠡᠨ
ᠠᠢ᠌ᠷᠠᠭ ᠴᠡᠭᠡ ᠪᠠᠷ ᠰᠠᠭᠤᠯᠭ᠎ᠠ ᠪᠠᠨ ᠴᠠᠯᠭᠢᠯᠠᠭᠤᠯᠤᠭᠰᠠᠨ
ᠠᠮᠳᠠᠳᠤ ᠰᠢᠭᠦᠰᠤ ᠪᠠᠷ ᠰᠢᠷᠡᠭᠡ ᠳᠡᠭᠡᠨ ᠦᠷᠦᠭ᠍ᠰᠡᠨ
ᠠᠮᠤ ᠳᠠᠷᠢᠶ᠎ᠠ ᠪᠠᠷ ᠭᠦᠮᠦᠷᠭᠡ ᠪᠠᠨ ᠳᠦᠭᠦᠷᠭᠡᠭ᠍ᠰᠡᠨ
ᠠᠯᠳᠠᠷ ᠨᠠᠷᠠ ᠪᠠᠷ ᠳᠡᠯᠡᠭᠡᠢ ᠶᠢ ᠳᠤᠩᠰᠤᠯᠭᠠᠭᠰᠠᠨ
ᠦᠯᠵᠡᠢ ᠭᠡᠰᠢᠭ᠌ ᠳᠡᠭᠦᠰ ᠪᠦᠷᠢᠳᠦᠭ᠍ᠰᠡᠨ
ᠠᠰᠢᠳᠠ ᠶᠢᠨ ᠪᠣᠶᠠᠨ ᠮᠥᠩᠭᠡ ᠣᠷᠤᠰᠢᠬᠤ ᠪᠣᠯᠳᠤᠭᠠᠢ ︕
ᠠᠮᠠ ᠶᠢᠨ ᠢᠷᠦᠭᠡᠯ ᠦᠨᠢᠳᠠ ᠰᠢᠩᠭᠡᠭᠦ ᠪᠣᠯᠳᠤᠭᠠᠢ ︕
ᠬᠤᠷᠤᠢ ︕ ᠬᠤᠷᠤᠢ ︕ ᠬᠤᠷᠤᠢ ︕
ᠬᠤᠷᠤᠢ ︕ ᠬᠤᠷᠤᠢ ︕ ᠬᠤᠷᠤᠢ ︕
ᠵᠤᠬᠢᠶᠠᠭᠴᠢ ᠶᠢᠨ ᠬᠠᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠨᠢᠭᠡᠳᠦᠭᠡᠷ ᠦᠨᠳᠦᠷ ᠵᠡᠷᠭᠡ ᠶᠢᠨ ᠳᠤᠮᠳᠠᠳᠤ ᠰᠤᠷᠭᠠᠭᠤᠯᠢ
ᠵᠤᠬᠢᠶᠠᠭᠴᠢ᠄ ᠸ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠶᠤᠯ ᠣᠷᠠᠯᠢᠭᠳᠠᠷᠤᠮ᠄ 47885
ᠴᠠᠭ᠄ 2014 ᠤᠨ ᠤ 01 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ