☆ ᠪᠣᠷᠵᠢᠭᠢᠨ ᠷᠢᠠᠴᠢᠨ
ᠮᠤᠩᠭ᠋ᠤᠯ ᠰᠠᠯᠭᠢ
ᠬᠠᠭᠳᠠ ᠡᠪᠠᠰᠤ ᠭᠦᠭᠡᠷᠡᠭ᠍ᠰᠡᠨ
ᠬᠠᠪᠣᠷ ᠤᠨ ᠰᠠᠢ᠌ᠬᠠᠨ ᠴᠠᠭ ᠮᠢᠨᠢ
ᠬᠠᠮᠤᠭ ᠴᠡᠴᠡᠭ᠌ ᠳᠡᠯᠭᠡᠷᠡᠭ᠍ᠰᠡᠨ
ᠬᠠᠷᠠᠭᠠᠠᠳᠤ ᠶᠢᠨ ᠰᠠᠢ᠌ᠬᠠᠨ ᠪᠠᠷᠭᠡ ᠮᠢᠨᠢ
ᠬᠠᠷᠠᠬᠤ ᠨᠢᠳᠤᠨ ᠳᠤ ᠳᠤᠳᠤᠷᠠᠬᠤᠢ
ᠬᠠᠴᠠᠷ ᠨᠢᠭᠤᠷ ᠢ ᠥᠨᠦᠰᠦᠭ᠍ᠰᠡᠨ
ᠬᠠᠯᠠᠭᠤᠨ ᠮᠤᠩᠭ᠋ᠤᠯ ᠰᠠᠯᠭᠢ ᠮᠢᠨᠢ
ᠬᠠᠷᠠᠨ ᠬᠠᠷᠠᠨ ᠰᠠᠷᠠᠪᠴᠢᠯᠠᠭᠰᠠᠨ
ᠬᠠᠢ᠌ᠷᠠᠳᠤ ᠬᠤᠶᠠᠷ ᠨᠠᠰᠤᠳᠠᠨ ᠮᠢᠨᠢ
ᠬᠠᠪᠳᠠᠭᠠᠢ ᠴᠡᠭᠡᠵᠢᠨ ᠳᠤ ᠮᠢᠨᠢ ᠪᠣᠳᠤᠭᠳᠠᠬᠤᠢ
ᠬᠠᠭᠠᠯᠭᠠᠨ ᠭᠠᠳᠠᠨ᠎ᠠ ᠪᠠᠨ ᠭᠦᠯᠢᠶᠡᠭ᠍ᠰᠡᠨ
ᠬᠠᠷᠠᠮᠨᠠᠨ ᠰᠠᠨᠠᠬᠤ ᠵᠡᠭᠦᠳᠤ ᠮᠢᠨᠢ
ᠬᠠᠳᠠᠮ ᠤᠨ ᠭᠠᠵᠠᠷ ᠶᠢᠡᠨ ᠮᠤᠷᠳᠠᠭᠰᠠᠨ
ᠬᠠᠴᠠᠷ ᠭᠤᠸ᠎ᠠ ᠦᠬᠢᠳ ᠮᠢᠨᠢ
ᠬᠠᠯᠠᠰᠬᠤ ᠰᠡᠳᠭᠢᠯ ᠳᠤ ᠮᠢᠨᠢ ᠳᠤᠷᠠᠰᠤᠭᠳᠠᠬᠤᠢ
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2655
ᠴᠠᠭ᠄ 2012 ᠤᠨ ᠤ 04 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ