ᠨᠡᠪᠲᠡᠷᠡᠨ ᠤᠷᠤᠬᠤ
ᠭᠦᠭᠡ ᠳᠠᠯᠢᠩᠪᠤᠨ ᠳᠡᠷᠯᠢᠭ᠌

ᠣᠶᠠᠩᠭ᠋᠎ᠠ ᠶᠢᠨ ᠣᠷᠤᠰᠢᠯ


᠊᠊᠊᠊᠊᠊᠊᠊᠊᠊᠊᠊᠊᠊᠊ ᠴᠡᠷᠢᠭ᠌ ᠡᠷᠡᠰ ᠤᠨ ᠣᠯᠠᠭᠠᠨ ᠳᠤᠭᠤᠰᠤ

ᠴᠡᠴᠡᠭ᠌ ᠤᠨ ᠳᠤᠮᠳᠠᠭᠤᠷ ᠳᠠᠳᠠᠭᠠᠤᠨ ᠶᠠᠪᠣᠴᠢᠬᠠᠭᠰᠠᠨ ᠶᠤᠮ᠃

ᠴᠡᠭᠡᠵᠢᠨ ᠳᠤᠳᠤᠷ᠎ᠠ ᠬᠠᠭᠠᠴᠠᠯ ᠣᠷᠭᠢᠭᠠᠤᠨ

ᠴᠡᠩᠭᠡᠷ ᠠᠭᠤᠯᠠᠰ ᠢ ᠳᠠᠪᠠᠭᠠᠤᠨ ᠶᠠᠪᠣᠴᠢᠬᠠᠭᠰᠠᠨ ᠶᠤᠮ᠃

ᠣᠯᠠᠨ ᠡᠷᠡᠴᠦᠳ ᠳᠠᠭᠤᠤ ᠪᠠᠨ ᠳᠠᠭᠤᠯᠠᠭᠠᠤᠨ

ᠣᠩᠭ᠋ᠤᠨ ᠳᠠᠯ᠎ᠠ ᠪᠠᠷ ᠳᠠᠪᠭᠢᠭᠠᠤᠨ ᠶᠠᠪᠣᠴᠢᠬᠠᠭᠰᠠᠨ ᠶᠤᠮ᠃

ᠣᠷᠤᠨ ᠭᠡᠷ ᠲᠡᠭᠡᠨ ᠵᠠᠢ ᠪᠠᠨ ᠣᠷᠭᠢᠭᠠᠤᠨ

ᠣᠳᠤ ᠲᠡᠶ ᠠᠳᠠᠯᠢᠬᠠᠨ ᠬᠠᠷᠪᠣᠭᠠᠤᠨ ᠶᠠᠪᠣᠴᠢᠬᠠᠭᠰᠠᠨ ᠶᠤᠮ᠃

ᠰᠠᠷᠨᠢᠬᠤ ᠳᠤᠭᠤᠰᠤᠨ ᠤ ᠨᠢᠭᠡᠨ ᠥᠵᠦᠭᠦᠷ ᠲᠤ

ᠰᠠᠷᠠᠭᠤᠯ ᠨᠢᠳᠤ ᠪᠠᠨ ᠪᠢ ᠴᠢᠯᠡᠭᠡᠵᠤ

ᠰᠠᠨᠠᠭ᠎ᠠ ᠠᠯᠳᠠᠨ ᠰᠦ᠋ ᠪᠠᠨ ᠡᠷᠭᠦᠨ

ᠰᠠᠷᠠ ᠰᠢᠭ ᠮᠠᠯᠳᠠᠷᠠᠨ ᠭᠠᠳᠠᠨ᠎ᠠ ᠪᠠᠨ ᠥᠯᠡᠳᠡᠭ᠍ᠰᠡᠨ ᠶᠤᠮ᠃

ᠭᠦᠳᠡᠭᠡ ᠨᠤᠳᠤᠭ ᠤᠨ ᠭᠦᠭᠡ ᠠᠯᠤᠰ ᠲᠤ

ᠭᠦᠯ ᠭᠦᠡᠳᠤ ᠰᠢᠨᠡᠭᠡᠨ ᠪᠠᠷᠢ

ᠠᠷᠠᠤᠨ ᠤᠨ ᠬᠤᠪᠢᠰᠬᠠᠯᠳᠤ ᠣᠯᠠᠭᠠᠨ ᠴᠡᠷᠢᠭ᠌ ᠤᠨ

ᠠᠷᠤ ᠭᠡᠷ ᠪᠣᠯᠵᠤ ᠥᠯᠡᠳᠡᠭ᠍ᠰᠡᠨ ᠶᠤᠮ᠃

ᠭᠤᠪᠢ ᠶᠢᠨ ᠭᠠᠭᠴᠠ ᠬᠠᠢ᠌ᠯᠠᠰᠤ ᠠᠳᠠᠯᠢ

ᠭᠤᠤᠯᠳᠤ ᠵᠢᠷᠦᠭᠡᠨ ᠳᠡᠭᠡᠨ ᠬᠠᠢ᠌ᠷ᠎ᠠ ᠪᠠᠨ ᠬᠠᠳᠠᠭᠠᠯᠠᠵᠤ

ᠲ᠋ᠡᠭ᠍ᠷᠢ ᠶᠢᠨ ᠬᠠᠶᠠᠭᠠᠨ ᠳᠤ ᠴᠢᠭ᠌ ᠰᠢᠭ᠌ ᠳᠤᠷᠣᠢ᠌ᠨ

ᠲ᠋ᠠᠷᠠ ᠵᠢᠯ ᠪᠢ ᠨᠥᠭᠦᠷ ᠵᠢᠡᠨ ᠥᠳᠡᠭ᠍ᠰᠡᠨ ᠶᠤᠮ᠃

ᠭᠦᠮᠤᠨ ᠤ ᠭᠦᠤ ᠳᠤ ᠬᠠᠢ᠌ᠷᠠᠳᠠᠢ ᠶᠢᠨ ᠡᠷᠭᠡ ᠪᠠᠷ

ᠭᠦᠯᠦᠭ᠌ ᠤᠨ ᠳᠤᠭᠤᠰᠤ ᠵᠢᠷᠦᠭᠡᠨ ᠳᠤ ᠣᠨᠠᠭᠠᠵᠤ

ᠭᠦᠯᠢᠶᠡᠭᠦ ᠬᠤᠨᠤᠭ ᠤᠨ ᠡᠭᠢᠨ ᠤ ᠰᠦᠨᠢ ᠶᠢᠨ

ᠭᠦᠢᠳᠡᠨ ᠳᠠᠷ᠎ᠠ ᠳᠤ ᠬᠠᠴᠠᠷ ᠶᠢᠡᠨ ᠬᠠᠭᠠᠷᠢᠭᠰᠠᠨ ᠶᠤᠮ᠃

ᠡᠷᠦᠭᠡᠨ ᠤ ᠬᠤᠰᠢᠭᠤ ᠳᠠᠷᠠ ᠰᠦᠨᠢ

ᠥᠷᠦᠭᠡᠰᠤᠨ ᠳᠠᠯᠤ ᠰᠢᠭ ᠲ᠋ᠤᠭᠤᠨᠤᠨ ᠳᠤ ᠭᠡᠳᠦᠷᠴᠤ

ᠬᠣᠢ᠌ᠮᠤᠷ ᠪᠠᠭᠤᠭᠰᠠᠨ ᠰᠠᠷᠠᠨ ᠤ ᠳᠤᠶᠠᠭ᠎ᠠ

ᠬᠤᠶᠠᠷ ᠬᠤᠪᠢᠶᠠᠭᠰᠠᠨ ᠳᠤᠯᠢ ᠰᠢᠭ ᠪᠠᠢ᠌ᠭᠰᠠᠨ ᠶᠤᠮ᠃

ᠬᠠᠯᠬ᠎ᠠ ᠭᠤᠤᠯ ᠤᠨ ᠳᠠᠢ᠌ᠨ ᠤ ᠳᠦᠭ᠍ᠰᠢᠭᠦᠷᠢ

ᠬᠠᠮᠤᠭ ᠰᠠᠤᠠᠭᠢᠯ ᠳᠤ ᠳᠠᠷᠤᠮᠳᠠ ᠪᠣᠯᠵᠤ

ᠠᠯᠳᠠᠨ ᠨᠠᠷᠠ ᠶᠢ ᠳᠡᠷᠡᠭᠡᠨ ᠵᠠᠭᠤᠷ᠎ᠠ

ᠠᠯᠠᠭ᠎ᠠ ᠪᠠᠷ ᠶᠢᠡᠨ ᠬᠠᠭᠠᠵᠤ ᠪᠣᠯᠬᠤ ᠪᠠᠷ ᠪᠠᠢ᠌ᠭᠰᠠᠨ ᠶᠤᠮ᠃

ᠠᠷᠪᠠᠨ ᠨᠢ᠋ᠮᠠᠨ ᠨᠠᠰᠤᠨ ᠳᠤ ᠢᠩᠭᠢᠵᠤ

ᠬᠠᠮᠢᠭ᠎ᠠ ᠬᠤᠯᠠ ᠡᠴᠡ ᠳᠠᠷᠢ ᠶᠢᠨ ᠬᠠᠶ‍ᠢᠭ

ᠬᠠᠯᠠᠭᠤᠨ ᠵᠢᠷᠦᠭᠡᠨ ᠳᠤ ᠬᠠᠭ᠎ᠠ ᠬᠠᠶᠠᠭᠰᠠᠨ ᠶᠤᠮ᠃

ᠡᠷ᠎ᠡ ᠨᠥᠭᠦᠷ ᠶᠢᠡᠨ ᠳᠠᠢ᠌ᠨ ᠳᠤ ᠥᠳᠡᠭ᠍ᠰᠡᠨ

ᠡᠭᠡᠨᠡᠷ ᠪᠠᠢ᠌ᠬᠤ ᠶᠢᠨ ᠣᠴᠢᠷ ᠢ ᠭᠡᠯᠡᠭᠦ ᠦᠦ

ᠡᠩᠭᠡᠷ ᠬᠤᠮᠢᠭᠰᠠᠨ ᠵᠠᠯᠠᠭᠤ ᠴᠠᠭ ᠊ᠤᠨ

ᠡᠭᠢᠨ ᠤ ᠰᠦᠨᠢ ᠶᠢᠨ ᠣᠷᠳᠤ ᠶᠢ ᠭᠡᠯᠡᠭᠦ ᠊ᠤᠤ

ᠣᠷᠤᠭ᠎ᠠ ᠮᠤᠷᠢ ᠰᠢᠭ ᠬᠤᠯᠵᠢᠭᠰᠠᠨ ᠨᠣᠢ᠌ᠷ ᠲᠤ

ᠣᠷᠴᠢᠯᠠᠩ ᠬᠤᠯᠠ ᠶᠢ ᠬᠤᠭᠤᠴᠠᠨ ᠪᠣᠳᠤᠭᠰᠠᠭᠠᠷ

ᠦᠳᠦᠯᠠᠵᠤ ᠭᠦᠢᠴᠡᠭᠡ ᠦᠭᠡᠶ ᠴᠤᠷᠮ᠎ᠠ ᠣᠬᠠᠭᠠᠨ ᠤ

ᠥᠴᠦᠭᠡᠨ ᠵᠢᠭᠦᠷ ᠴᠦᠴᠠᠵᠤ ᠪᠢᠯᠠ᠃

ᠴᠡᠷᠢᠭ᠌ ᠡᠷᠡᠰ ᠤᠨ ᠣᠯᠠᠭᠠᠨ ᠳᠤᠭᠤᠰᠤ

ᠴᠡᠴᠡᠭ᠌ ᠤᠨ ᠳᠤᠮᠳᠠᠭᠤᠷ ᠳᠠᠳᠠᠭᠠᠤᠨ ᠶᠠᠪᠣᠴᠢᠬᠠᠠᠠᠰᠠᠨ ᠶᠤᠮ᠃

ᠴᠡᠭᠡᠵᠢᠨ ᠳᠤᠳᠤᠷ᠎ᠠ ᠬᠠᠭᠠᠴᠠᠯ ᠣᠷᠭᠢᠭᠠᠤᠨ

ᠴᠡᠩᠭᠡᠷ ᠠᠭᠤᠯᠠᠰ ᠢ ᠳᠠᠪᠠᠭᠠᠤᠨ ᠶᠠᠪᠣᠴᠢᠬᠠᠠᠠᠰᠠᠨ ᠶᠤᠮ᠃

ᠣᠯᠠᠨ ᠡᠷᠡᠴᠦᠳ ᠳᠠᠭᠤᠤ ᠪᠠᠨ ᠳᠠᠭᠤᠯᠠᠭᠠᠤᠨ

ᠤᠩᠭᠤᠨ ᠳᠠᠯ᠎ᠠ ᠪᠠᠷ ᠳᠠᠪᠭᠢᠭᠠᠤᠨ ᠶᠠᠪᠣᠴᠢᠬᠠᠠᠠᠰᠠᠨ ᠶᠤᠮ᠃

ᠣᠷᠤᠨ ᠭᠡᠷ ᠲᠡᠭᠡᠨ ᠵᠠᠢ ᠪᠠᠨ ᠣᠷᠭᠢᠭᠠᠤᠨ

ᠣᠳᠤ ᠲᠡᠶ ᠠᠳᠠᠯᠢᠬᠠᠨ ᠬᠠᠷᠪᠣᠭᠠᠤᠨ ᠶᠠᠪᠣᠴᠢᠬᠠᠠᠠᠰᠠᠨ ᠶᠤᠮ᠃


ᠣᠶᠠᠩᠭ᠋᠎ᠠ ᠶᠢᠨ ᠦᠷᠨᠢᠯ


᠊᠊᠊᠊᠊᠊᠊᠊᠊᠊᠊᠊᠊᠊᠊ ᠴᠡᠪᠠᠷᠭᠡᠨ ᠭᠡᠦᠭᠡᠨ ᠨᠤᠭᠦᠳ ᠦᠷ᠎ᠡ ᠪᠡᠨ ᠳᠡᠪᠠᠷᠢᠭᠡᠤᠨ

ᠴᠡᠴᠡᠭ᠌ ᠤᠨ ᠳᠤᠮᠳᠠᠭᠤᠷ ᠨᠥᠭᠦᠷ ᠶᠢᠡᠨ ᠥᠳᠡᠭ᠍ᠰᠡᠨ ᠶᠤᠮ

ᠴᠡᠷᠢᠭ᠌ ᠤᠨ ᠭᠦᠤ ᠳᠤ ᠬᠠᠢ᠌ᠷ᠎ᠠ ᠪᠠᠨ ᠥᠭ᠍‍ᠭᠦᠭᠡᠤᠨ

ᠴᠡᠩᠭᠡᠷ ᠠᠭᠤᠯᠠᠰ ᠶᠢᠡᠨ ᠳᠦᠰᠢᠭᠡᠤᠨ ᠥᠯᠡᠳᠡᠭ᠍ᠰᠡᠨ ᠶᠤᠮ

ᠣᠯᠠᠨ ᠡᠭᠡᠨᠡᠷ ᠵᠢᠷᠦᠭᠡ ᠪᠠᠨ ᠳᠠᠷᠤᠭᠠᠤᠨ

ᠣᠩᠭ᠋ᠤᠨ ᠳᠠᠯ᠎ᠠ ᠪᠠᠷ ᠬᠠᠨᠢ ᠪᠠᠨ ᠥᠳᠡᠭ᠍ᠰᠡᠨ ᠶᠤᠮ

ᠣᠷᠤᠨ ᠭᠡᠷ ᠶᠢᠡᠨ ᠥᠭᠡᠳᠡ ᠨᠢ ᠳᠠᠳᠠᠭᠠᠤᠨ

ᠣᠳᠤᠳᠤ ᠳᠡᠭ᠍ᠷᠢ ᠪᠠᠨ ᠡᠷᠭᠦᠭᠡᠤᠨ ᠥᠯᠡᠳᠡᠭ᠍ᠰᠡᠨ ᠶᠤᠮ

ᠥᠷᠯᠦᠭᠡ ᠨᠢ ᠬᠠᠷᠢᠨ ᠦᠷ ᠴᠦᠷ ᠶᠢᠡᠷ

ᠡᠷᠦᠭᠡ ᠪᠠᠨ ᠪᠢ ᠴᠠᠯᠠᠢ᠌ᠳᠠᠯ᠎ᠠ ᠳᠠᠳᠠᠭᠠᠤᠨ

ᠥᠭᠡᠳᠡᠯᠡᠵᠤ ᠪᠠᠢ᠌ᠭ᠎ᠠ ᠠᠢ᠌ᠯ ᠪᠠᠢ᠌ᠭ ᠭᠡᠵᠤ

ᠦᠷᠳᠠᠨ ᠦᠷᠳᠠᠨ ᠭᠠᠯ᠎ᠠ ᠶᠢᠡᠨ ᠳᠦᠯᠠᠯ᠎ᠠ

ᠬᠠᠳᠠᠮ ᠠᠪᠣ ᠭᠢᠷᠠᠭ᠎ᠠ ᠪᠠᠷ ᠢᠷᠡᠭᠡᠤᠨ

ᠬᠠᠷ᠎ᠠ ᠴᠢᠭᠢᠭ᠌ ᠲᠤ ᠡᠮᠡᠭᠡᠯ ᠲᠡᠶ ᠨᠢ ᠣᠶᠠᠭᠰᠠᠨ

ᠣᠨᠤᠭ᠎ᠠ ᠭᠦᠳᠦᠯᠦᠭᠡ ᠬᠤᠶᠠᠷ ᠮᠤᠷᠢ

ᠣᠶᠠᠭᠠᠨ ᠳᠡᠭᠡᠷ᠎ᠡ ᠴᠢᠭᠡᠷᠡᠨ ᠪᠠᠢ᠌ᠯ᠎ᠠ

ᠮᠢᠨᠤ ᠨᠥᠭᠦᠷ ᠤᠨ ᠨᠠᠭᠠᠳᠤᠮ ᠳᠤ ᠣᠨᠤᠳᠠᠭ

ᠮᠠᠴᠢᠳ ᠰᠠᠢ᠌ᠳᠠᠢ ᠬᠤᠩᠭ᠋ᠤᠷ ᠮᠤᠷᠢ

ᠨᠠᠮ᠎ᠠ ᠶᠢ ᠬᠠᠷᠠᠭᠠᠤᠨ ᠥᠤᠷᠰᠠᠮ᠎ᠠ ᠪᠣᠯᠤᠭᠰᠠᠨ ᠶᠢᠡᠨ

ᠨᠢ᠋ᠮᠠᠨ ᠭᠠᠠᠵᠤᠭ᠎ᠠ ᠰᠠᠴᠤᠯᠠᠨ ᠰᠢᠯᠭᠡᠭᠡᠪᠡ

ᠡᠨᠡ ᠪᠢᠳᠡ ᠬᠤᠶᠠᠷ ᠯᠠ ᠠᠳᠠᠯᠢᠬᠠᠨ

ᠡᠵᠡᠨ ᠶᠢᠡᠨ ᠥᠭᠡᠢ᠌ᠯᠡᠵᠡᠢ ᠭᠡᠵᠤ ᠪᠣᠳᠤᠭᠠᠤᠨ

ᠡᠮᠡᠭᠡᠯ ᠢ ᠨᠢ ᠠᠪᠴᠤ ᠨᠢᠷᠤᠭᠤ ᠶᠢ᠌ ᠨᠢ ᠠᠮᠠᠷᠠᠭᠠᠨ

ᠡᠷᠳᠡᠨᠢ ᠶᠢᠨ ᠰᠠᠢ᠌ᠬᠠᠨ ᠳᠤᠯᠤᠭᠠᠢ ᠶᠢ ᠨᠢ ᠢᠯᠪᠢᠪᠠ

ᠰᠠᠢ᠌ᠨ ᠮᠤᠷᠢ ᠡᠵᠡᠨ ᠶᠢᠡᠨ ᠭᠡᠳᠡᠭ᠌ ᠶᠤᠮ

ᠰᠠᠨᠠᠭ᠎ᠠ ᠳᠠᠭᠠᠭᠠᠤᠨ ᠴᠤ ᠳᠠᠷᠠ ᠪᠢᠯᠠ ᠦᠦ

ᠰᠠᠵᠢᠬᠤ ᠶᠢᠨ ᠳᠠᠳᠤᠢ ᠨᠡᠭᠡᠨ ᠬᠠᠷᠠᠪᠠᠯ

ᠰᠠᠢ᠌ᠬᠠᠨ ᠨᠢᠳᠤ ᠨᠢ ᠨᠢᠯᠪᠣᠰᠤ ᠲᠡᠶ ᠪᠠᠢ᠌ᠯ᠎ᠠ

ᠲ᠋ᠡᠰᠭᠡᠯ ᠠᠯᠳᠠᠭᠰᠠᠨ ᠰᠠᠤᠠᠭᠢᠯ ᠭᠡᠳᠡᠭ᠌

ᠲ᠋ᠡᠭᠡᠳᠡᠯ᠎ᠡ ᠶᠢᠡᠨ ᠠᠮᠠᠷᠬᠠᠨ ᠠᠭᠤᠯᠵᠬᠤ ᠶᠤᠮ ᠰᠢᠭ

ᠲ᠋ᠡᠭ᠍ᠷᠢ ᠥᠩᠭᠡ ᠲᠡᠶ ᠭᠦᠭᠡ ᠳᠠᠯᠢᠩᠪᠣ ᠪᠠᠷ

ᠲ᠋ᠠᠷᠠ ᠡᠳᠦᠷ ᠲᠤ ᠪᠠᠨ ᠳᠡᠷᠯᠢᠭ᠌ ᠡᠰᠭᠡᠯ᠎ᠡ

ᠡᠷᠡᠳᠡᠭᠦᠤ ᠥᠷᠭᠡᠨ ᠴᠡᠭᠡᠵᠢ ᠶᠢ ᠨᠢ ᠪᠣᠳᠤᠵᠤ

ᠡᠩᠭᠡᠷ ᠶᠠᠭᠤ ᠶᠢ ᠨᠢ ᠴᠡᠭᠡᠯᠭᠡᠨ ᠳᠠᠯᠪᠢᠯ᠎ᠠ

ᠡᠷᠭᠢᠴᠡᠭᠡ ᠮᠤᠷᠢᠨ ᠤ ᠡᠷᠭᠢᠭᠡ ᠪᠣᠳᠤᠵᠤ

ᠡᠯᠪᠠᠭ᠌ ᠰᠠᠢ᠌ᠬᠠᠨ ᠳᠠᠰᠢᠶ᠎ᠠ ᠳᠠᠯᠪᠢᠯ᠎ᠠ

ᠣᠷᠭᠠᠨ ᠤ ᠣᠷᠳᠤ ᠶᠢ ᠪᠠᠷᠢᠨ᠎ᠠ ᠭᠡᠮᠡᠨ ᠪᠣᠳᠤᠵᠤ

ᠠᠭᠤᠵᠢᠮ ᠰᠠᠢ᠌ᠬᠠᠨ ᠰᠤᠭᠤ ᠳᠠᠯᠪᠢᠯ᠎ᠠ

ᠠᠭᠤᠯᠠᠨ ᠤ ᠵᠢᠪᠠᠷ ᠣᠨᠠᠨ᠎ᠠ ᠭᠡᠮᠡᠨ

ᠣᠨᠠᠭᠠᠨ ᠳᠤᠭᠤᠷᠠᠢ ᠨᠢᠳᠤᠷᠭ᠎ᠠ ᠳᠠᠯᠪᠢᠯ᠎ᠠ

ᠣᠯᠠᠭ᠎ᠠ ᠪᠣᠳᠠᠷᠠᠭᠰᠠᠨ ᠴᠢᠷᠠᠢ ᠶᠢ ᠨᠢ ᠪᠣᠳᠤᠵᠤ

ᠬᠤᠧᠨ ᠳᠤᠷᠭ᠎ᠠ ᠪᠠᠷ ᠡᠮᠵᠢᠭᠡ ᠪᠢᠯᠠ

ᠣᠳᠠᠭᠠᠨ ᠡᠮᠦᠰᠭᠦ ᠡᠳ᠋ᠯᠡᠭᠡ ᠪᠣᠳᠤᠵᠤ

ᠣᠷ᠎ᠠ ᠪᠠᠨ ᠭᠠᠷᠭᠠᠨ ᠱᠠᠭᠯᠠᠭ᠎ᠠ ᠪᠢᠯᠠ

ᠣᠠᠳᠠᠬᠤ ᠨᠣᠢ᠌ᠷ ᠶᠢᠡᠨ ᠬᠠᠭᠠᠰᠯᠠᠨ ᠪᠠᠢ᠌ᠵᠤ

ᠣᠴᠢᠭ ᠰᠢᠩᠭᠡᠨ ᠰᠠᠭᠤᠭ᠎ᠠ ᠪᠢᠯᠠ

ᠣᠨᠠᠭᠠᠨ ᠥᠡᠳᠡᠭᠡ ᠪᠠᠨ ᠬᠠᠯᠠᠭᠠᠨ ᠪᠠᠢ᠌ᠵᠤ

ᠣᠶᠠᠷᠠᠨ ᠪᠠᠶᠠᠰᠤᠨ ᠰᠤᠭᠤᠯᠠᠭ᠎ᠠ ᠪᠢᠯᠠ

ᠲ᠋ᠤᠷᠭᠠᠨ ᠤ ᠣᠢ᠌ᠯᠠ ᠪᠢᠰᠢ ᠴᠤ ᠪᠢᠯᠠ

ᠲ᠋ᠤᠭᠤᠰᠤ ᠲᠡᠶ ᠭᠠᠵᠠᠷ ᠳᠠᠯᠪᠢᠭ᠎ᠠ ᠦᠭᠡᠶ ᠪᠢᠯᠠ

ᠲ᠋ᠤᠢ ᠬᠤᠷᠢᠮ ᠤᠨ ᠭᠢ ᠪᠣᠰᠤ ᠴᠤ ᠭᠡᠯ᠎ᠡ

ᠲ᠋ᠤᠰᠤ ᠲᠡᠶ ᠭᠠᠵᠠᠷ ᠳᠠᠯᠪᠢᠭ᠎ᠠ ᠥᠭᠡᠢ ᠪᠢᠯᠡ

ᠡᠷᠭᠢᠭᠡᠤᠨ ᠢᠷᠡᠭᠦ ᠡᠳᠦᠷ ᠢ ᠨᠢ ᠭᠦᠯᠢᠶᠡᠵᠤ

ᠡᠪᠭᠡᠨ ᠡᠪᠭᠡᠨ ᠳᠠᠯᠪᠢᠭ᠎ᠠ ᠪᠢᠯᠠ

ᠡᠷ᠎ᠡ ᠨᠥᠭᠦᠷ ᠶᠢᠡᠨ ᠰᠠᠨᠠᠬᠤ ᠴᠠᠭ ᠲᠤ

ᠡᠷᠭᠢᠨ ᠡᠷᠭᠢᠨ ᠥᠵᠡᠭᠡ ᠪᠢᠯᠠ

᠊᠊᠊᠊᠊᠊᠊᠊᠊᠊᠊᠊᠊᠊᠊ ᠴᠡᠪᠠᠷᠭᠡᠨ ᠭᠡᠦᠭᠡᠨ ᠨᠤᠭᠦᠳ ᠦᠷ᠎ᠡ ᠪᠠᠨ ᠳᠡᠪᠠᠷᠢᠭᠡᠤᠨ

ᠴᠡᠴᠡᠭ᠌ ᠤᠨ ᠳᠤᠮᠳᠠᠭᠤᠷ ᠨᠥᠭᠦᠷ ᠶᠢᠡᠨ ᠥᠳᠡᠭ᠍ᠰᠡᠨ ᠶᠤᠮ

ᠴᠡᠷᠢᠭ᠌ ᠤᠨ ᠭᠦᠤ ᠳᠤ ᠬᠠᠢ᠌ᠷ᠎ᠠ ᠪᠠᠨ ᠥᠭ‍ᠭᠦᠭᠡᠤᠨ

ᠴᠡᠩᠭᠡᠷ ᠠᠭᠤᠯᠠᠰ ᠶᠢᠡᠨ ᠳᠦᠰᠢᠭᠡᠤᠨ ᠥᠯᠡᠳᠡᠭ᠍ᠰᠡᠨ ᠶᠤᠮ

ᠣᠯᠠᠨ ᠡᠭᠡᠨᠡᠷ ᠵᠢᠷᠦᠭᠡ ᠪᠠᠨ ᠳᠠᠷᠤᠭᠠᠤᠨ

ᠣᠩᠭ᠋ᠤᠨ ᠳᠠᠯ᠎ᠠ ᠪᠠᠷ ᠬᠠᠨᠢ ᠪᠠᠨ ᠥᠳᠡᠭ᠍ᠰᠡᠨ ᠶᠤᠮ

ᠣᠷᠤᠨ ᠭᠡᠷ ᠶᠢᠡᠨ ᠥᠭᠡᠳᠡ ᠨᠢ ᠳᠠᠳᠠᠭᠠᠤᠨ

ᠣᠳᠤᠳᠤ ᠳᠡᠭ᠍ᠷᠢ ᠪᠠᠨ ᠡᠷᠭᠦᠭᠡᠤᠨ ᠥᠯᠡᠳᠡᠭ᠍ᠰᠡᠨ ᠶᠤᠮ


ᠣᠶᠠᠩᠭ᠋᠎ᠠ ᠶᠢᠨ ᠪᠣᠴᠠᠯᠳᠠ


ᠭᠠᠯ ᠤᠨ ᠱᠤᠭᠤᠮ ᠳᠤ ᠴᠡᠷᠢᠭ᠌ ᠤᠨ ᠵᠢᠷᠦᠭᠡ

ᠭᠠᠭᠴᠠᠭᠠᠷ ᠶᠢᠨ ᠪᠠᠢ᠌ᠬᠤ ᠶᠤᠰᠤᠨ ᠪᠠᠢ᠌ᠬᠤ ᠦᠭᠡᠶ

ᠲ᠋ᠠᠢ᠌ᠨ ᠤ ᠳᠠᠯᠪᠣᠷ ᠲᠤ ᠭᠡᠷᠭᠡᠢ ᠶᠢᠨ ᠭᠢᠨᠢ ᠵᠢᠷᠦᠭᠡ

ᠲ᠋ᠠᠢ᠌ᠴᠢᠨ ᠨᠥᠭᠦᠷ ᠤᠨ ᠶᠢᠡᠨ ᠴᠡᠭᠡᠵᠢᠨ ᠳᠤ ᠶᠠᠪᠣᠳᠠᠭ ᠶᠤᠮ

ᠡᠷ᠎ᠡ ᠴᠡᠷᠢᠭ᠌ ᠤᠨ ᠡᠭᠡᠨᠡᠷ ᠭᠡᠳᠡᠭ᠌

ᠡᠮᠡᠭ᠍ᠳᠡᠢ ᠶᠢᠨ ᠳᠠᠳᠤᠢ ᠨᠠᠷ᠎ᠠ ᠶᠢ ᠭᠡᠯᠡᠳᠡᠭ᠌ ᠦᠭᠡᠶ

ᠬᠤᠤᠷᠳᠠᠨ ᠳᠠᠢ᠌ᠰᠤᠨ ᠤ ᠰᠤᠮᠤ ᠣᠨᠤᠳᠠᠭ ᠦᠭᠡᠶ

ᠬᠤᠶᠠᠷ ᠠᠮᠢᠨ ᠤ ᠨᠢᠭᠡ ᠶᠢ ᠭᠡᠯᠡᠳᠡᠭ᠌ ᠦᠭᠡᠶ

ᠡᠭᠡᠯ ᠴᠡᠷᠢᠭ᠌ ᠤᠨ ᠠᠷᠤ ᠭᠡᠷ ᠢ

ᠡᠭᠡ ᠣᠷᠤᠨ ᠬᠠᠷᠠᠵᠤ ᠪᠠᠢ᠌ᠳᠠᠭ ᠶᠤᠮ

ᠭᠡᠷᠪᠡ ᠵᠥᠷᠢᠴᠢᠪᠠᠯ ᠣᠷᠪᠠᠭᠰᠠᠨ ᠳᠤ ᠳᠤᠭᠠᠴᠢᠬᠤ

ᠭᠡᠪᠯᠡᠭᠡ ᠦᠭᠡᠶ ᠬᠠᠤᠯᠢ ᠪᠠᠰᠠ ᠪᠠᠢ᠌ᠳᠠᠭ ᠶᠤᠮ

ᠡᠭᠦᠨ ᠢ ᠪᠢ ᠭᠦᠡᠳᠦᠯᠡᠨ ᠰᠡᠭᠢᠵᠤ

ᠦᠷ ᠰᠦᠨᠢ ᠪᠠᠷ ᠭᠦᠯᠢᠶᠡᠵᠤ ᠪᠠᠢ᠌ᠭᠰᠠᠨ ᠶᠤᠮ

ᠦᠶ᠎ᠡ ᠶᠢᠨ ᠣᠯᠠᠨ ᠭᠡᠦᠭᠡᠨ ᠨᠤᠭᠦᠳ ᠴᠦᠮ

ᠦᠨᠡᠠᠴᠢ ᠭᠡᠪ ᠶᠢᠡᠷ ᠭᠦᠯᠢᠶᠡᠵᠤ ᠪᠠᠢ᠌ᠭᠰᠠᠨ ᠶᠤᠮ

ᠬᠠᠪᠣᠷ ᠤᠨ ᠨᠠᠭᠤᠷ ᠰᠢᠭ ᠠᠯᠳᠠᠷᠠᠬᠤ ᠨᠠᠰᠤ ᠪᠠᠨ

ᠬᠠᠢ᠌ᠯᠭᠠᠨ ᠬᠠᠢ᠌ᠯᠭᠠᠨ ᠭᠦᠯᠢᠶᠡᠵᠤ ᠪᠠᠢ᠌ᠰᠠᠨ ᠶᠤᠮ

ᠬᠠᠩᠭ᠋ᠠᠢ ᠶᠢᠨ ᠰᠤᠭᠤ ᠰᠢᠭ ᠠᠷᠢᠭᠤᠨ ᠪᠠᠶ᠎ᠠ ᠪᠠᠨ

ᠬᠠᠳᠠᠭᠠᠯᠠᠨ ᠬᠠᠳᠠᠭᠠᠯᠠᠨ ᠭᠦᠯᠢᠶᠡᠵᠤ ᠪᠠᠢ᠌ᠭᠰᠠᠨ ᠶᠤᠮ

ᠨᠠᠮᠤᠷ ᠤᠨ ᠬᠤᠩᠭ᠋ᠤᠷ ᠰᠠᠯᠭᠢᠨ ᠳᠤᠮᠳᠠ

ᠨᠠᠢ᠌ᠭᠤᠨ ᠨᠠᠢ᠌ᠭᠤᠨ ᠭᠦᠯᠢᠶᠡᠵᠤ ᠪᠠᠢ᠌ᠭᠰᠠᠨ ᠶᠤᠮ

ᠨᠠᠮᠢᠷᠠᠭ᠎ᠠ ᠬᠤᠷ᠎ᠠ ᠶᠢ ᠰᠠᠨᠠᠨ ᠭᠠᠩᠰᠠᠷᠠᠬᠤ

ᠨᠠᠪᠴᠢ ᠰᠢᠭ ᠭᠠᠩᠳᠠᠨ ᠭᠦᠯᠢᠶᠡᠵᠤ ᠪᠠᠢ᠌ᠰᠠᠨ ᠶᠤᠮ

ᠲ᠋ᠡᠭᠡᠪᠠᠴᠤ ᠪᠢᠳᠠ ᠹᠷᠤᠠᠲ᠋ ᠤᠨ ᠠᠷᠤ ᠳᠠᠯ᠎ᠠ ᠡᠴᠡ

ᠲ᠋ᠠᠮᠠᠴᠠᠯ ᠤᠨ ᠳᠡᠭ᠍ᠷᠢ ᠶᠢ ᠲᠦᠰᠢᠵᠤ ᠦᠭ‍ᠭᠦᠭ᠍ᠰᠡᠨ ᠶᠤᠮ

ᠠᠮᠢᠳᠤᠷᠠᠯ ᠤᠨ ᠶᠡᠭᠡ ᠬᠤᠪᠢ ᠵᠠᠶᠠᠭ᠎ᠠ ᠶᠢ

ᠠᠢ᠌ᠯ ᠪᠦᠭᠦᠨ ᠳᠤ ᠠᠪᠴᠤ ᠶᠠᠪᠣᠭᠰᠠᠨ ᠶᠤᠮ

ᠬᠠᠯᠬ᠎ᠠ ᠭᠤᠤᠯ ᠤᠨ ᠣᠰᠤ ᠳᠡᠭᠡᠭᠦ ᠳᠤ

ᠬᠠᠮᠤᠭ ᠣᠯᠠᠨ ᠤ ᠵᠢᠷᠦᠭᠡᠨ ᠳᠤ ᠣᠷᠤᠰᠴᠤ

ᠬᠠᠷᠢ᠌᠌ ᠶᠢᠨ ᠲ᠋ᠠᠢ᠌ᠰᠤᠨ ᠳᠤ ᠡᠷᠭᠦᠨ ᠳᠠᠯᠠᠢ᠌ᠬᠤ

ᠬᠠᠳᠠ ᠠᠭᠠᠭᠰᠠᠨ ᠢᠯᠳᠤ ᠪᠣᠯᠤᠭᠰᠠᠨ ᠶᠤᠮ᠃

ᠵᠢᠷᠦᠭᠡᠨ ᠳᠤ ᠣᠷᠤᠰᠤᠭᠰᠠᠨ ᠳᠠᠷᠠ ᠭᠤᠤᠯ ᠤᠨ

ᠵᠡᠭᠦᠨ ᠪᠠᠷᠠᠭᠤᠨ ᠬᠤᠶᠠᠷ ᠡᠷᠭᠢ

ᠦᠨᠡᠨ ᠬᠤᠳᠠᠯ ᠤᠨ ᠵᠠᠪᠰᠠᠷ ᠳᠠᠳᠠᠭᠰᠠᠨ

ᠦᠷ ᠤᠨ ᠳᠤᠶᠠᠭ᠎ᠠ ᠰᠢᠭ ᠵᠠᠭᠠᠭ ᠪᠠᠢ᠌ᠭᠰᠠᠨ ᠶᠤᠮ

ᠴᠡᠭᠡᠵᠢᠨ ᠳᠤᠳᠤᠷ᠎ᠠ ᠪᠦᠮᠪᠦᠭᠡ ᠨᠢᠵᠢᠭᠢᠨᠠᠵᠤ

ᠴᠡᠷᠢᠭ᠌ ᠡᠷᠡᠰ ᠤᠨ ᠠᠯᠬᠤᠭ᠎ᠠ ᠨᠢᠵᠢᠭᠢᠨᠠᠵᠤ

ᠭᠦᠮᠤᠨ ᠤ ᠳᠦᠭ᠍ᠰᠢᠭᠦᠷᠢᠳᠤ ᠰᠠᠤᠠᠭᠢᠯ ᠳᠤᠳᠤᠷ᠎ᠠ

ᠭᠦᠡᠳᠤ ᠲ᠋ᠡᠩᠺ ᠤᠨ ᠮᠦᠷ ᠭᠠᠷᠤᠭᠰᠠᠨ ᠶᠤᠮ

ᠠᠯᠢ ᠨᠢ ᠪᠣᠢ ᠭᠡᠳᠡᠭ᠌ ᠲᠤ ᠡᠷᠡᠭᠡᠯᠵᠡᠭᠡ ᠦᠭᠡᠶ ᠴᠤ

ᠠᠤᠠᠬᠠᠭ ᠰᠠᠤᠠᠭᠢᠯ ᠨᠠᠮ᠎ᠠ ᠶᠢ ᠡᠭᠡᠳᠡᠷᠡᠭᠡᠵᠤ

ᠠᠮᠢ ᠡᠷᠢᠭ᠍ᠰᠡᠨ ᠰᠤᠮᠤᠨ ᠳᠤᠮᠳᠠᠭᠤᠷ

ᠠᠮᠠᠷᠠᠭ ᠨᠥᠭᠦᠷ ᠲᠡᠭᠡᠨ ᠵᠤᠪᠠᠵᠤ ᠶᠠᠪᠣᠭᠰᠠᠨ ᠶᠤᠮ

ᠭᠠᠯ ᠤᠨ ᠱᠤᠭᠤᠮ ᠳᠤ ᠴᠡᠷᠢᠭ᠌ ᠤᠨ ᠵᠢᠷᠦᠭᠡ

ᠭᠠᠭᠴᠠᠭᠠᠷ ᠶᠢᠡᠨ ᠪᠠᠢ᠌ᠬᠤ ᠶᠤᠰᠤᠨ ᠪᠠᠢ᠌ᠬᠤ ᠦᠭᠡᠶ

ᠲ᠋ᠠᠢ᠌ᠨ ᠤ ᠳᠠᠯᠠᠪᠣᠷ ᠲᠤ ᠭᠡᠷᠭᠡᠢ ᠶᠢᠨ ᠭᠢᠨᠢ ᠵᠢᠷᠦᠭᠡ

ᠲ᠋ᠠᠢ᠌ᠴᠢᠨ ᠨᠥᠭᠦᠷ ᠤᠨ ᠶᠢᠡᠨ ᠴᠡᠭᠡᠵᠢᠨ ᠳᠤ ᠵᠠᠪᠣᠳᠠᠭ ᠶᠤᠮ

ᠡᠷ᠎ᠡ ᠴᠡᠷᠷᠭ᠌ ᠤᠨ ᠡᠭᠡᠨᠡᠷ ᠭᠡᠳᠡᠭ᠌

ᠡᠮᠡᠭ᠍ᠳᠡᠢ ᠶᠢᠨ ᠳᠠᠳᠤᠢ ᠨᠠᠷ᠎ᠠ ᠶᠢ ᠭᠡᠯᠡᠳᠡᠭ᠌ ᠦᠭᠡᠶ

ᠬᠤᠤᠷᠳᠠᠨ ᠳᠠᠢ᠌ᠰᠤᠨ ᠤ ᠰᠤᠮᠤ ᠣᠨᠤᠳᠠᠭ ᠦᠭᠡᠶ

ᠬᠤᠶᠠᠷ ᠠᠮᠢᠨ ᠤ ᠨᠢᠭᠡ ᠶᠢ ᠭᠡᠯᠡᠳᠡᠭ᠌ ᠶᠤᠮ


ᠣᠶᠠᠩᠭ᠋᠎ᠠ ᠶᠢᠨ ᠳᠠᠢ᠌ᠯᠤᠯ


᠊᠊᠊᠊᠊᠊᠊᠊᠊᠊᠊᠊᠊᠊᠊ ᠴᠡᠷᠢᠭ᠌ ᠡᠷᠡᠰ ᠤᠨ ᠣᠯᠠᠭᠠᠨ ᠳᠤᠭᠤᠰᠤ

ᠴᠡᠴᠡᠭ᠌ ᠤᠨ ᠳᠤᠮᠳᠠᠭᠤᠷ ᠳᠠᠳᠠᠭᠠᠤᠨ ᠢᠷᠠᠯ᠎ᠠ

ᠴᠡᠭᠡᠵᠢᠨ ᠳᠤᠳᠤᠷ᠎ᠠ ᠣᠴᠠᠷᠠᠯ ᠵᠠᠷᠯᠠᠭᠠᠤᠨ

ᠴᠡᠩᠭᠡᠷ ᠠᠭᠤᠯᠠᠰ ᠢ ᠳᠠᠪᠠᠭᠠᠤᠨ ᠢᠷᠠᠯ᠎ᠠ

ᠣᠯᠠᠨ ᠡᠷᠡᠴᠦᠳ ᠳᠠᠢ᠌ᠰᠤᠨ ᠶᠢᠡᠨ ᠳᠠᠷᠤᠭᠠᠤᠨ

ᠣᠩᠭ᠋ᠤᠨ ᠳᠠᠯ᠎ᠠ ᠪᠠᠷ ᠳᠠᠪᠭᠢᠭᠠᠤᠨ ᠢᠷᠠᠯ᠎ᠠ

ᠣᠷᠤᠨ ᠭᠡᠷ ᠲᠡᠭᠡᠨ ᠵᠠᠢ ᠪᠠᠨ ᠡᠵᠡᠯᠡᠭᠡᠤᠨ

ᠣᠳᠤ ᠲᠡᠶ ᠠᠳᠠᠯᠢᠬᠠᠨ ᠬᠠᠷᠪᠣᠭᠠᠤᠨ ᠢᠷᠠᠯ᠎ᠠ

ᠬᠠᠯᠠᠭᠳᠠᠵᠤ ᠢᠷᠡᠭᠦ ᠴᠡᠷᠢᠭ᠌ ᠤᠨ ᠰᠤᠷᠠᠭ ᠶᠢᠡᠷ

ᠬᠠᠳᠠᠮ ᠠᠪᠣ ᠰᠤᠮᠤᠨ ᠤ ᠲᠦᠪ ᠣᠷᠤᠭᠤ

ᠣᠨᠤᠭ᠎ᠠ ᠭᠦᠳᠦᠯᠦᠭᠡ ᠬᠤᠶᠠᠷ ᠮᠤᠷᠢ ᠲᠡᠶ

ᠣᠯᠤᠰ ᠤᠨ ᠳᠦᠷᠦᠭᠦᠨ ᠳᠤ ᠳᠠᠪᠭᠢᠭᠠᠤᠨ ᠶᠠᠪᠣᠴᠢᠬᠠᠯ᠎ᠠ

ᠭᠦᠭᠡᠷᠤᠨ ᠰᠡᠩᠰᠡᠷᠡᠭᠦ ᠰᠠᠤᠠᠭᠢᠯ ᠭᠡᠳᠡᠭ᠌

ᠭᠦᠯ ᠭᠠᠵᠠᠷ ᠭᠦᠷᠭᠦ ᠦᠭᠡᠶ ᠳᠠᠷᠪᠠᠵᠤ

ᠭᠦᠪ ᠴᠢᠭᠢᠭ᠌ ᠢ ᠨᠢ ᠡᠭ᠍ᠰᠢᠭᠡᠨ ᠳᠠᠯᠪᠢᠬᠤ ᠪᠠᠷ

ᠭᠦᠭᠡ ᠳᠠᠯᠢᠩᠪᠤᠨ ᠳᠡᠷᠯᠢᠭ᠌ ᠶᠢᠡᠨ ᠭᠠᠷᠭᠠᠯ᠎ᠠ

ᠣᠷᠳᠤ ᠬᠤᠷᠮᠤᠢ᠌ ᠵᠢ ᠨᠢ ᠣᠨᠠᠭ᠎ᠠ ᠳᠠᠭ᠎ᠠ ᠭᠡᠵᠤ

ᠤᠷᠳᠤ ᠡᠴᠡ ᠨᠢ ᠳᠤᠭᠳᠤᠷᠴᠤ ᠣᠶᠤᠭᠠᠰᠤ ᠶᠢ ᠨᠢ ᠳᠠᠯᠪᠢᠯ᠎ᠠ

ᠬᠣᠢ᠌ᠳᠤ ᠬᠤᠷᠮᠤᠢ ᠶᠢ ᠨᠢ ᠬᠤᠨᠢ ᠬᠤᠷᠠᠭ᠎ᠠ ᠭᠡᠵᠤ

ᠬᠣᠢ᠌ᠨ᠎ᠠ ᠡᠴᠡ ᠳᠤᠭᠳᠤᠷᠴᠤ ᠣᠶᠤᠭᠠᠰᠤ ᠶᠢ ᠨᠢ ᠳᠠᠯᠪᠢᠯ᠎ᠠ

ᠲ᠋ᠤᠳᠤᠭᠠᠳᠤ ᠬᠤᠷᠮᠤᠢ ᠶᠢ ᠨᠢ ᠳᠤᠰᠤ ᠥᠭᠡᠭᠦ ᠭᠡᠵᠤ

ᠲ᠋ᠤᠳᠤᠷ᠎ᠠ ᠡᠴᠡ ᠨᠢ ᠳᠤᠭᠳᠤᠷᠴᠤ ᠬᠠᠪᠠᠭᠠᠰᠤ ᠶᠢ ᠨᠢ ᠳᠠᠯᠪᠢᠯ᠎ᠠ

ᠲ᠋ᠤᠳᠤᠭᠠᠳᠤ ᠬᠤᠷᠮᠤᠢ ᠶᠢ ᠨᠢ ᠳᠤᠰᠤ ᠥᠭᠡᠭᠦ ᠭᠡᠵᠤ

ᠲ᠋ᠤᠤᠷ᠎ᠠ ᠡᠴᠡ ᠨᠢ ᠳᠤᠭᠳᠤᠷᠴᠤ ᠰᠢᠳᠡᠭᠡᠰᠤ ᠶᠢ ᠨᠢ ᠠᠪᠣᠯ᠎ᠠ

ᠡᠵᠡᠭᠦᠢ ᠪᠠᠢ᠌ᠬᠤ ᠳᠤ ᠨᠢ ᠭᠢᠭ᠍ᠰᠡᠨ ᠶᠤᠮ ᠭᠡᠵᠤ

ᠡᠴᠦᠰ ᠤᠨ ᠣᠴᠢᠭ ᠶᠢᠡᠨ ᠬᠠᠤᠠᠬᠤᠵᠤ ᠠᠪᠣᠯ᠎ᠠ

ᠰᠠᠯᠠᠭ᠎ᠠ ᠭᠡᠵᠢᠭᠡ ᠪᠠᠨ ᠳᠠᠩᠨᠠᠨ ᠰᠦᠯᠵᠢᠵᠤ

ᠰᠠᠷᠠ ᠰᠤᠪᠣᠤᠨ ᠤᠨ ᠲ᠋ᠠᠷᠤᠭᠤᠯᠭ᠎ᠠ ᠪᠠᠨ ᠵᠡᠭᠦᠯ᠎ᠡ

ᠴᠠᠢ ᠶᠢᠨ ᠳᠠᠪᠠᠯ ᠶᠢᠡᠨ ᠨᠥᠮᠦᠭᠡᠨ ᠡᠮᠦᠰᠴᠤ

ᠴᠢᠷᠠᠢ ᠵᠢᠰᠤ ᠪᠠᠨ ᠳᠤᠯᠢᠳᠠᠨ ᠵᠠᠰᠠᠯ᠎ᠠ

ᠦᠳᠠᠰᠢ ᠡᠷᠳᠡᠭᠡᠨ ᠬᠠᠵᠡᠭᠤᠯᠬᠠᠬᠤ ᠭᠡᠵᠤ

ᠦᠨᠢᠶ᠎ᠡ ᠮᠠᠯ ᠶᠢᠡᠨ ᠡᠷᠳᠡᠯᠡᠨ ᠰᠠᠭᠠᠭᠠᠤᠨ

ᠬᠤᠩᠭ᠋ᠤᠷ ᠭᠦᠤ ᠶᠢ ᠨᠢ ᠴᠡᠪᠠᠷᠭᠡᠨ ᠬᠤᠪᠴᠠᠰᠤᠯᠠᠵᠤ

ᠬᠤᠶᠠᠷᠬᠠᠨ ᠣᠰᠤ ᠪᠠᠷ ᠳᠤᠭᠤᠭ᠎ᠠ ᠠᠪᠣᠯ᠎ᠠ

ᠲ᠋ᠡᠭᠡᠳᠡᠯ᠎ᠡ᠁ ᠨᠠᠷᠠ ᠰᠢᠩᠭᠡᠭ᠍ᠰᠡᠨ ᠬᠣᠢ᠌ᠨ᠎ᠠ

ᠲ᠋ᠡᠷᠳᠡᠭᠡ ᠡᠴᠡ ᠬᠠᠳᠠᠮ ᠠᠪᠣ ᠭᠠᠭᠴᠠᠭᠠᠷ

ᠡᠮᠡᠭᠡᠯ ᠲᠡᠶ ᠮᠤᠷᠢ ᠭᠦᠳᠦᠯᠦᠭ᠍ᠰᠡᠨ ᠴᠢᠭ᠌ ᠶᠢᠡᠷ

ᠡᠷᠭᠢᠵᠤ ᠢᠷᠡᠭᠡᠤᠨ ᠣᠶᠠᠭᠠᠨ ᠳᠡᠭᠡᠷ᠎ᠡ ᠪᠠᠭᠤᠯ᠎ᠠ

ᠭᠡᠷ ᠣᠷᠤᠭᠤ ᠪᠠᠨ ᠨᠢᠭᠡ ᠶᠠᠪᠣᠬᠤ ᠭᠡᠰᠡᠨ ᠶᠢᠡᠨ

ᠭᠡᠨᠡᠤᠨᠭᠡᠨ ᠵᠤᠭ ᠳᠤᠰᠴᠤ ᠭᠡᠰᠡᠭ᠌ ᠵᠤᠭᠰᠤᠭᠰᠠᠨ ᠶᠢᠡᠨ

ᠬᠤᠩᠭ᠋ᠤᠷ ᠮᠤᠷᠢᠨ ᠤ ᠡᠮᠡᠭᠡᠯ ᠢ ᠠᠪᠴᠤ

ᠬᠤᠶᠠᠷ ᠪᠦᠭᠦᠭᠡᠷᠭᠡᠨ ᠳᠤ ᠬᠠᠵᠠᠭᠠᠷ ᠢ ᠰᠣᠢ᠌ᠯ᠎ᠠ

ᠦᠶ᠎ᠡ ᠶᠢ ᠡᠵᠡᠯᠡᠭ᠍ᠰᠡᠨ ᠪᠣᠭᠤᠷᠤᠯ ᠬᠠᠢ᠌ᠯᠠᠰᠤ

ᠦᠨᠳᠦᠰᠦ ᠳᠠᠰᠤᠷᠠᠨ ᠭᠣᠢ᠌ᠪᠠᠯᠵᠠᠵᠤ ᠪᠠᠢ᠌ᠬᠤ ᠰᠢᠭ

ᠰᠦᠷᠳᠠᠢ ᠡᠪᠦᠭᠡᠨ ᠡᠮᠡᠭᠡᠯ ᠳᠡᠪᠠᠷᠢᠭ᠍ᠰᠡᠭᠡᠷ

ᠰᠡᠭᠦᠳᠡᠷ ᠰᠢᠭ᠌ ᠨᠠᠰᠢ ᠠᠢ᠌ᠰᠤᠢ ᠬᠠᠷᠠᠭᠳᠠᠯ᠎ᠠ

ᠭᠡᠨᠡᠳᠭᠡᠨ ᠮᠢᠨᠤ ᠳᠤᠳᠤᠷ᠎ᠠ ᠫᠠᠯ ᠭᠢᠵᠤ

ᠭᠡᠷ ᠲᠤ ᠪᠠᠨ ᠣᠷᠤᠵᠤ ᠭᠡᠷᠡᠯ ᠪᠠᠷᠢᠯ᠎ᠠ

ᠠᠶᠤᠭᠰᠠᠨ ᠳᠠᠤᠯᠠᠢ ᠰᠢᠭ ᠳᠦᠷᠯᠠᠢ᠌ᠨ ᠭᠠᠢ᠌ᠬᠠᠵᠤ

ᠠᠪᠣ ᠶᠢᠨ ᠥᠭᠡᠳᠡ ᠡᠴᠡ ᠳᠠᠭᠤ ᠦᠭᠡᠶ ᠰᠢᠷᠳᠠᠯ᠎ᠠ

ᠠᠪᠣ ᠴᠤ ᠪᠠᠰᠠ ᠳᠠᠭ ᠳᠠᠭᠤ ᠦᠭᠡᠶ

ᠠᠰᠬ᠎ᠠ ᠴᠢᠷᠠᠢ ᠨᠢ ᠳᠠᠰ ᠬᠠᠷᠠᠩᠭ᠋ᠣᠢ᠌ᠯᠠᠵᠤ

ᠳᠦᠭᠡᠷᠢᠭ᠍ᠰᠡᠨ ᠭᠡᠷ ᠨᠢ ᠡᠮᠡᠭᠡᠯ ᠶᠢᠡᠨ ᠠᠯᠳᠠᠬᠤᠶ᠎ᠠ

ᠲ᠋ᠠᠮᠤᠷ ᠳᠦᠷᠦᠭᠡ ᠯᠠ ᠶᠤᠤᠯᠠᠨ ᠬᠠᠷᠰᠢᠯ᠎ᠠ

ᠭᠦᠯ ᠳᠤᠤᠷᠠᠭᠢ ᠭᠠᠵᠠᠷ ᠳᠠᠢ᠌ᠪᠢᠵᠤ

ᠭᠦᠭᠡ ᠨᠤᠭᠤᠭᠠᠨ ᠣᠯᠠᠭᠠᠨ ᠶᠢᠡᠷ ᠡᠷᠭᠢᠵᠤ

ᠭᠦᠮᠤᠨ ᠤ ᠣᠷᠴᠢᠯᠠᠩ ᠳᠤ ᠪᠠᠷᠢᠴᠠ ᠠᠯᠳᠠᠬᠤ ᠳᠤ ᠪᠠᠨ

ᠭᠦᠤ ᠪᠠᠨ ᠯᠠ ᠪᠢ ᠳᠠᠪᠠᠷᠢᠨ ᠠᠪᠣᠯ᠎ᠠ

ᠡᠷᠯᠢᠭ᠌ ᠳᠠᠢ᠌ᠨ ᠤ ᠭᠦᠢᠳᠡᠨ ᠰᠠᠪᠠᠷ

ᠡᠪᠳᠡᠷᠡᠭ᠍ᠰᠡᠨ ᠰᠠᠤᠠᠭᠢᠯ ᠳᠡᠮᠳᠡᠷᠢᠭᠦ ᠴᠠᠭ ᠲᠤ

ᠶᠠᠮᠠᠷ ᠶᠡᠭᠡ ᠭᠦᠡᠳᠤ ᠦᠨ᠎ᠡ ᠪᠠᠷ

ᠢᠯᠠᠯᠳᠠ ᠢᠷᠡᠳᠡᠭ᠌ ᠢ ᠪᠢᠳᠠ ᠮᠠᠳᠠᠯ᠎ᠠ

ᠬᠠᠭᠠᠴᠠᠯ ᠳᠤ ᠥᠶᠡᠷᠯᠡᠭᠦ ᠬᠠᠯᠠᠭᠤᠨ ᠨᠢᠯᠪᠣᠰᠤ

ᠬᠠᠷᠠᠭᠤᠰᠤᠯ ᠳᠠᠢ᠌ᠯᠵᠤ ᠭᠦᠷᠳᠡᠭ᠌ ᠦᠭᠡᠶ ᠪᠢᠯᠠ

ᠬᠠᠮᠤᠭ ᠤᠨ ᠰᠡᠭᠦᠯᠴᠢ ᠵᠢᠨ ᠫᠣᠤ ᠶᠢᠨ ᠳᠠᠭᠤᠨ ᠶᠢᠡᠨ

ᠬᠠᠷ᠎ᠠ ᠳᠠᠢ᠌ᠨ ᠳᠠᠭᠤᠰᠳᠠᠭ ᠦᠭᠡᠶ ᠪᠢᠯᠠ


ᠣᠶᠠᠩᠭ᠋᠎ᠠ ᠶᠢᠨ ᠥᠷᠭᠦᠯᠵᠢᠯᠡᠯ


᠊᠊᠊᠊᠊᠊᠊᠊᠊᠊᠊᠊᠊᠊᠊ ᠬᠠᠯᠬ᠎ᠠ ᠭᠤᠤᠯ ᠤᠨ ᠳᠠᠢ᠌ᠨ ᠵᠥᠪᠭᠡᠨ

ᠬᠠᠯᠬ᠎ᠠ ᠭᠤᠤᠯ ᠤᠨ ᠳᠠᠢ᠌ᠨ ᠪᠠᠢ᠌ᠭᠰᠠᠨ ᠦᠭᠡᠶ

ᠬᠠᠢ᠌ᠷᠠᠳᠠᠨ ᠪᠦᠭᠦᠨ ᠶᠢᠡᠨ ᠳᠠᠢ᠌ᠰᠤᠨ ᠡᠴᠡ ᠥᠮᠦᠭᠡᠷᠡᠳᠡᠭ᠌

ᠬᠠᠮᠤᠭ ᠠᠷᠠᠤᠨ ᠤᠨ ᠳᠠᠢ᠌ᠨ ᠪᠠᠢ᠌ᠯ᠎ᠠ

ᠡᠭᠡᠯ ᠮᠢᠨᠤ ᠠᠮᠢᠳᠤᠷᠠᠯ ᠳᠤᠮᠳᠠᠭᠤᠷ

ᠬᠠᠷ᠎ᠠ ᠳᠠᠢ᠌ᠨ ᠤ ᠠᠶᠤᠯ ᠭᠠᠷᠬᠤ ᠳᠤ ᠪᠠᠨ

ᠡᠷ᠎ᠡ ᠦᠭᠡᠶ ᠡᠮ᠎ᠡ᠂ ᠡᠴᠢᠭᠡ ᠦᠭᠡᠶ ᠭᠦᠤ

ᠡᠵᠡᠨ ᠦᠭᠡᠶ ᠳᠠᠪᠠᠯ ᠣᠷᠭᠢᠭᠠᠤᠨ ᠶᠠᠪᠣᠯ᠎ᠠ

ᠲ᠋ᠠᠢ᠌ᠴᠢᠨ ᠨᠥᠭᠦᠷ ᠮᠢᠨᠢ ᠠᠭᠢᠭᠠᠤᠨ ᠢᠷᠠᠯ ᠦᠭᠡᠶ

ᠲ᠋ᠠᠢ᠌ᠨ ᠢ ᠡᠭᠦᠷᠢᠳᠡ ᠠᠪᠣᠭᠠᠤᠨ ᠶᠠᠪᠣᠬᠤ ᠳᠤ ᠪᠠᠨ

ᠦᠪᠡᠷ ᠶᠢᠡᠨ ᠭᠡᠳᠥᠢᠪᠠᠷ ᠠᠮᠢ ᠪᠠᠨ ᠠᠯᠳᠠᠭᠰᠠᠨ ᠴᠤ

ᠥᠷᠦᠭᠡᠯ ᠪᠣᠰᠤᠳ ᠲᠤ ᠠᠮᠢᠳᠤᠷᠠᠯ ᠦᠭ‍ᠭᠦᠭ᠍ᠰᠡᠨ ᠶᠤᠮ

ᠠᠭᠤᠯᠠ ᠣᠰᠤ ᠴᠡᠴᠡᠭ᠌ ᠨᠠᠪᠴᠢᠨ ᠳᠤ

ᠣᠷᠢᠳᠤ ᠶᠢᠨ ᠭᠢᠨᠢ ᠰᠠᠢ᠌ᠬᠠᠨ ᠥᠩᠭᠡ ᠨᠢ ᠪᠦᠷᠢᠦᠡᠴᠤ

ᠣᠯᠠᠮ ᠶᠢᠡᠷ ᠮᠠᠠᠳᠤᠨ ᠢᠯᠠᠵᠤ ᠭᠠᠷᠤᠭᠰᠠᠨ

ᠣᠯᠤᠰ ᠣᠷᠤᠨ ᠣᠢ᠌ᠤᠠᠬᠠᠷ ᠳᠠᠢ᠌ᠯᠤᠭᠰᠠᠨ ᠶᠤᠮ

ᠶᠠᠪᠣᠭᠰᠠᠨ ᠵᠠᠮ ᠢ ᠨᠢ ᠵᠠᠯᠭᠠᠵᠤ ᠠᠪᠬᠤ

ᠢᠷᠭᠤᠢ ᠠᠯᠠᠭ ᠦᠷ᠎ᠡ ᠶᠢ᠌ ᠨᠢ ᠪᠣᠳᠤᠵᠤ

ᠢᠨᠠᠭ ᠳᠡᠭᠦᠨ ᠤ ᠪᠠᠨ ᠮᠥᠩᠭᠦᠨ ᠡᠮᠡᠭᠡᠯ ᠊ᠢ

ᠶᠠᠷᠭᠠᠢ ᠳᠠᠰᠢᠭᠤᠷ ᠲᠤ ᠨᠢ ᠱᠤᠩᠳᠠᠵᠤ ᠲ᠋ᠠᠯᠪᠢᠯ᠎ᠠ

ᠭᠦᠯᠦᠭ᠌ ᠤᠨ ᠭᠢᠨᠢ ᠳᠤᠭᠤᠰᠤ ᠣᠷᠴᠢᠯᠠᠩ ᠳᠤ ᠡᠷᠭᠦᠵᠤ

ᠭᠦᠰᠡᠯ ᠢ ᠨᠢ ᠭᠦᠢᠴᠡᠭᠡᠭᠦ ᠭᠦᠤ ᠲᠡᠶ ᠵᠢ ᠪᠣᠳᠤᠵᠤ

ᠣᠷᠤᠰᠤᠨ ᠬᠠᠳᠠᠭᠰᠠᠨ ᠭᠦᠯᠦᠰᠤ ᠶᠢ ᠨᠢ ᠬᠤᠰᠤᠵᠤ

ᠣᠨᠠᠭᠠᠨ ᠬᠤᠩᠭ᠋ᠤᠷ ᠢ ᠨᠢ ᠠᠳᠤᠭᠤᠨ ᠳᠤ ᠨᠢ ᠳᠠᠯᠪᠢᠯ᠎ᠠ

ᠡᠩᠭᠡᠷᠳᠤ ᠳᠠᠪᠠᠯ ᠡᠩ ᠳᠤ ᠭᠦᠷᠭᠦ

ᠡᠵᠡᠨ ᠳᠡᠭ᠍ᠷᠢ ᠳᠤ ᠭᠦᠤ ᠲᠡᠶ ᠨᠢ ᠪᠣᠳᠤᠵᠤ

ᠭᠦᠭᠡ ᠳᠠᠯᠢᠩᠪᠤᠨ ᠳᠡᠷᠯᠢᠭ᠌ ᠢ ᠨᠢ ᠡᠪᠭᠡᠵᠤ

ᠭᠦᠤ ᠳᠤ ᠨᠢ ᠳᠠᠯᠪᠢᠵᠤ ᠠᠪᠳᠠᠷ᠎ᠠ ᠳᠤ ᠭᠢᠯ᠎ᠠ

ᠡᠴᠢᠭᠡ ᠪᠠᠨ ᠳᠠᠭᠤᠷᠢᠶᠠᠭᠰᠠᠨ ᠭᠦᠤ ᠲᠡᠶ ᠪᠣᠯᠬᠤᠷ

ᠡᠵᠡᠭᠦᠢ ᠭᠡᠷ ᠮᠢᠨᠢ ᠳᠦᠭᠦᠷᠦᠭᠡᠤᠨ ᠢᠷᠡᠳᠡᠭ᠌ ᠶᠤᠮ

ᠡᠭᠦᠯᠡᠨ ᠰᠡᠭᠦᠳᠡᠷ ᠡᠴᠡ ᠴᠤ ᠪᠠᠶ᠎ᠡ ᠪᠠᠷ ᠶᠢᠡᠨ ᠬᠠᠭᠠᠵᠤ

ᠦᠷ᠎ᠡ ᠶᠢᠨ ᠪᠦᠦᠪᠠᠢ ᠳᠠᠭᠤᠯᠠᠳᠠᠭ ᠪᠣᠯᠤᠭᠰᠠᠨ ᠶᠤᠮ

《ᠠᠳᠤᠭᠤᠴᠢᠨ ᠠᠪᠣ ᠶᠢᠨ ᠭᠦᠤ ᠪᠢᠯᠠ

ᠠᠭᠳᠠᠨ ᠳᠤᠭᠤᠰᠤᠨ ᠳᠤ ᠳᠦᠷᠦᠭ᠍ᠰᠡᠨ ᠪᠢᠯᠠ

ᠠᠯᠢᠮᠠᠨ ᠡᠴᠡ ᠣᠷᠭᠤᠭᠰᠠᠨ ᠠᠯᠢᠮ᠎ᠠ ᠪᠢᠯᠠ

ᠠᠮᠢᠨ ᠡᠴᠡ ᠣᠨᠠᠭᠰᠠᠨ ᠠᠮᠢ ᠪᠢᠯᠠ

ᠰᠠᠭᠠᠯᠢᠴᠢᠨ ᠡᠵᠢ ᠶᠢᠨ ᠭᠦᠤ ᠪᠢᠯᠠ

ᠰᠠᠭᠠᠯᠢ ᠲᠡᠶ ᠡᠩᠭᠡᠷ ᠡᠴᠡ ᠣᠨᠠᠭᠰᠠᠨ ᠪᠢᠯᠠ

ᠰᠠᠷᠠ ᠦᠭᠡᠶ ᠰᠦᠨᠢ ᠶᠢᠨ ᠰᠠᠷᠠᠨ ᠪᠢᠯᠠ

ᠰᠠᠷᠠ ᠲᠡᠶ ᠰᠦᠨᠢ ᠶᠢᠨ ᠨᠠᠷᠠ ᠪᠢᠯᠠ

ᠲ᠋ᠠᠯᠠᠢ ᠶᠡᠭᠡ ᠡᠭᠡ ᠣᠷᠤᠨ ᠤ ᠪᠠᠨ ᠳᠦᠯᠦᠭᠡ

ᠲ᠋ᠠᠢ᠌ᠴᠢᠨ ᠠᠪᠣ ᠨᠢ ᠳᠠᠢ᠌ᠨ ᠳᠤ ᠶᠠᠪᠣᠭᠰᠠᠨ ᠪᠢᠯᠠ

ᠲ᠋ᠠᠢ᠌ᠰᠤᠨ ᠶᠢᠡᠨ ᠳᠠᠷᠤᠭᠰᠠᠨ ᠳᠠᠷᠬᠠᠨ ᠴᠤᠯᠠ ᠲᠡᠶ

ᠲ᠋ᠠᠷᠢ ᠥᠨᠦᠷᠳᠦᠭ᠍ᠰᠡᠨ ᠠᠪᠣ ᠨᠢ ᠣᠨᠠᠭᠰᠠᠨ ᠶᠤᠮ

ᠭᠦᠤ ᠨᠢ ᠦᠰᠴᠦ ᠳᠤᠮᠤ ᠪᠣᠯᠤᠭᠠᠤᠨ

ᠭᠦᠷᠡᠩ ᠳᠠᠰ ᠤᠨ ᠵᠢᠭᠦᠷ ᠣᠷᠭᠤᠨ᠎ᠠ

ᠭᠦᠯᠦᠭ᠌ ᠮᠤᠷᠢ ᠪᠠᠨ ᠳᠡᠭ᠍ᠷᠢ ᠳᠤ ᠰᠣᠢ᠌ᠵᠤ

ᠭᠦᠮᠤᠨ ᠤ ᠭᠦᠰᠡᠯ ᠢ ᠭᠠᠵᠠᠷ ᠲᠤ ᠪᠦᠳᠦᠭᠡᠨ᠎ᠡ

ᠠᠪᠣ ᠶᠢᠨ ᠦᠭᠡᠶ ᠳᠤ ᠠᠪᠣ ᠪᠣᠯᠤᠭᠰᠠᠨ

ᠠᠷᠠᠤᠨ ᠣᠯᠠᠨ ᠶᠢᠡᠨ ᠬᠠᠢ᠌ᠷᠠᠯᠠᠵᠤ ᠶᠠᠪᠣᠭᠠᠷᠠᠢ

ᠠᠰᠤᠷᠤ ᠶᠡᠭᠡ ᠦᠨ᠎ᠡ ᠪᠠᠷ ᠣᠯᠤᠭᠰᠠᠨ

ᠠᠵᠠ ᠵᠢᠷᠭᠠᠯ ᠶᠢᠡᠨ ᠬᠠᠮᠠᠭᠠᠯᠠᠵᠤ ᠶᠠᠪᠣᠭᠠᠷᠠᠢ》

ᠡᠷ᠎ᠡ ᠨᠥᠭᠦᠷ ᠨᠢ ᠢᠷᠡᠭ᠍ᠰᠡᠨ ᠢᠷᠡᠭᠡ ᠦᠭᠡᠶ

ᠡᠭᠡ ᠪᠦᠭᠦᠨ ᠳᠠᠷᠠ ᠴᠠᠭ ᠲᠤ

ᠦᠨᠦ ᠦᠶ᠎ᠡ ᠶᠢᠨ ᠭᠢᠨ ᠳᠤ ᠡᠨᠡ ᠪᠦᠦᠪᠠᠢ ᠶᠢ

ᠡᠪᠦᠷ ᠳᠡᠭᠡᠷ᠎ᠡ ᠨᠢ ᠳᠠᠭᠤᠯᠠᠵᠤ ᠦᠭ‍ᠭᠦᠭ᠍ᠰᠡᠨ ᠶᠤᠮ

ᠵᠤᠬᠢᠶᠠᠭᠴᠢ᠄ ᠳ᠋·ᠫᠦᠷᠫᠦᠳᠦᠷᠵᠢ
ᠢᠷᠡᠯᠲᠡ᠄ ᠨᠤᠮᠢᠨᠭᠡᠷᠡᠯ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 7011
ᠴᠠᠭ᠄ 2007 ᠤᠨ ᠤ 10 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ